ᠠᠤᠬᠠᠨ ᠬᠣᠰᠢᠭᠤᠨ ‍ᠤ ᠵᠣᠸᠠᠩ ᠳ᠋ᠠ ᠮᠠᠯ ᠠᠵᠤ ᠠᠬᠤᠢ ᠶ᠋ᠢᠨ ᠺᠣᠮᠫᠠᠨᠢ ᠡᠴᠠ ᠳᠠᠴᠢᠨᠳᠠᠯ᠎ᠠ ᠪᠠᠯᠭᠠᠰᠤ ᠶ᠋ᠢᠨ ᠰᠢᠷᠠᠯᠵᠢᠳᠠᠢ ᠲᠣᠰᠬᠣᠨ ᠳ᠋ᠤ 44 ᠬᠣᠨᠢ ᠬᠠᠨᠳᠢᠪᠯᠠᠭᠰᠠᠨ

ᠣᠩᠰᠢᠭᠰᠠᠨ ᠤᠳᠠᠭ᠎ᠠ ᠄ 165     ᠨᠡᠶᠢᠳᠡᠯᠡᠭᠰᠡᠨ ᠴᠠᠭ ᠄ 2019/6/24 16:43:00

 
         ᠣᠶᠢᠷ᠎ᠠ ᠶ᠋ᠢᠨ ᠡᠳᠦᠷ ᠂ ᠳᠠᠴᠢᠨᠳᠠᠯ᠎ᠠ ᠪᠠᠯᠭᠠᠰᠤ ᠶ᠋ᠢᠨ ᠰᠢᠷᠠᠯᠵᠢᠳᠠᠢ ᠲᠣᠰᠬᠣᠨ ‍ᠤ ᠲᠣᠰᠬᠣᠨ ᠤ ᠵᠦᠪᠯᠡᠯ ‍ᠤᠨ ᠬᠦᠷᠢᠶᠡᠨ ᠳ᠋ᠦ ᠣᠨᠴᠠᠭᠠᠢ ᠬᠥᠷ ᠬᠥᠭᠵᠢᠶᠡᠨ ᠲᠡᠶ ᠪᠠᠶᠢᠵᠣ ᠂ ᠬᠣᠰᠢᠭᠤᠨ ‍ᠤ ᠡᠳ᠋ ‍ᠦᠨ ᠵᠠᠰᠠᠭ ‍ᠤᠨ ᠲᠣᠪᠴᠢᠶ᠎ᠠ ᠡᠴᠠ ᠰᠢᠷᠠᠯᠵᠢᠳᠠᠢ ᠲᠣᠰᠬᠣᠨ ᠳ᠋ᠤ ᠳᠣᠮᠢᠯᠠᠭᠰᠠᠨ ᠨᠢᠭᠡᠳᠦᠭᠡᠷ ᠱᠦᠵᠢ ᠸᠠᠩ ᠵᠣᠣ ᠠᠤᠬᠠᠨ ᠬᠣᠰᠢᠭᠤᠨ ᠤ ᠳ᠋ᠠ ᠵᠣᠸᠠᠩ ᠮᠠᠯ ᠠᠵᠤ ᠠᠬᠤᠢ ᠶ᠋ᠢᠨ ᠺᠣᠮᠫᠠᠨᠢ ᠡᠴᠠ 44 ᠬᠣᠨᠢ ᠵᠣᠬᠢᠴᠠᠭᠣᠯᠣᠨ ᠠᠪᠴᠢᠷᠠᠵᠣ ᠂ ᠲᠣᠰᠬᠣᠨ ‍ᠤ ᠨᠡᠶᠢᠳᠡ ᠶ᠋ᠢᠨ ᠠᠵᠤ ᠠᠬᠤᠶ ᠶ᠋ᠢ ᠬᠦᠭᠵᠢᠬᠦᠯᠵᠦ ᠪᠤᠵᠠᠭᠠᠶᠢᠷᠠᠭᠤᠯᠬᠤ ᠳ᠋ᠤ ᠬᠡᠷᠡᠭᠯᠡᠵᠦ ᠪᠠᠶᠢᠨ᠎ᠠ ᠃
         ᠰᠢᠷᠠᠯᠵᠢᠳᠠᠢ ᠲᠣᠰᠬᠣᠨ ‍ᠤ ᠲᠣᠰᠬᠣᠨ ᠳ᠋ᠤ ᠰᠠᠭᠤᠭ᠎ᠠ ᠨᠢᠭᠡᠳᠦᠭᠡᠷ ᠱᠦᠵᠢ     ᠸᠠᠩ ᠵᠤᠤ ᠄
       ᠲᠣᠰᠬᠣᠨ ᠳ᠋ᠤ ᠰᠠᠭᠤᠭᠰᠠᠨ ᠨᠢᠭᠡ ᠵᠢᠯ ‍ᠦᠨ ᠲᠤᠷᠰᠢ ᠂ 15 ᠶᠠᠳᠠᠭᠤ ᠬᠦᠴᠢᠷᠳᠡᠯᠲᠡᠢ ᠡᠷᠦᠬᠡ ᠶ᠋ᠢᠨ 8 ᠡᠷᠦᠬᠡ ᠵᠢ ᠶᠠᠳᠠᠭᠤ ᠡᠴᠠ ᠠᠩᠬᠢᠵᠢᠷᠠᠵᠣ ᠳᠡᠶᠢᠯᠦᠬᠡ ᠦᠬᠡᠢ ᠪᠠᠢᠭᠰᠠᠭᠠᠷ ᠂ ᠡᠨᠡ ᠵᠢᠯ ᠬᠥᠳᠡᠯᠦᠩᠭᠦᠢ ᠲᠣᠬᠢᠷᠠᠭᠤᠯᠤᠯᠲᠠ ᠬᠢᠭᠰᠡᠨ ‍ᠦ ᠲᠠᠷᠠᠭ᠎ᠠ ᠴᠥᠮ ᠬᠡᠪ ‍ᠦᠨ ᠪᠠᠶᠢᠳᠠᠯ ᠢᠶᠠᠷ ᠶᠠᠳᠠᠭᠤ ᠡᠴᠠ ᠠᠩᠭᠢᠵᠢᠷᠠᠵᠤ ᠂ ᠲᠣᠭᠲᠠᠭᠤᠨ ᠢᠶᠠᠷ ᠶᠠᠳᠠᠭᠤ ᠡᠴᠠ ᠠᠩᠬᠢᠵᠢᠷᠠᠬᠣ ᠪᠣᠯᠣᠨ᠎ᠠ ᠃ ᠲᠣᠰᠬᠣᠨ ᠳ᠋ᠤ ᠰᠠᠭᠤᠬᠤ ᠠᠵᠢᠯᠯᠠᠬᠤ ᠠᠩᠭᠢ ᠪᠣᠯᠤᠨ ᠲᠣᠰᠬᠣᠨ ‍ᠤ ᠬᠣᠶᠠᠷ ᠵᠥᠪᠯᠡᠯ ‍ᠦᠨ ᠬᠠᠮᠲᠤ ᠶ᠋ᠢᠨ ᠴᠢᠷᠮᠠᠶᠢᠯᠭ᠎ᠠ ᠪᠠᠷ ᠰᠢᠷᠠᠯᠵᠢᠳᠠᠢ ᠲᠣᠰᠬᠣᠨ ‍ᠤ ᠪᠦᠬᠦ ᠶᠠᠳᠠᠭᠤ ᠬᠦᠴᠢᠷᠳᠡᠯᠲᠡᠢ ᠡᠷᠦᠬᠡ ᠪᠣᠯᠤᠨ ᠲᠠᠷᠢᠶᠠᠴᠢᠳ ‍ᠤᠨ ᠠᠮᠢᠳᠤᠷᠠᠯ ᠡᠷᠲᠡᠬᠡᠨ ᠴᠢᠨᠡᠭᠡᠯᠢᠭ ᠨᠡᠶᠢᠭᠡᠮ ᠳ᠋ᠦ ᠳᠠᠪᠰᠢᠨ ᠣᠷᠣᠵᠤ ᠂ ᠨᠡᠶᠢᠳᠡ ᠶ᠋ᠢᠨ ᠠᠵᠤ ᠠᠬᠤᠢ ᠶ᠋ᠢ ᠬᠦᠭᠵᠢᠬᠦᠯᠬᠦ ᠶ᠋ᠢ ᠬᠦᠰᠡᠵᠦ ᠪᠠᠢᠨ᠎ᠠ ᠃

      ᠡᠳᠡᠭᠡᠷ ᠬᠣᠨᠢ ᠶ᠋ᠢ ᠲᠥᠪᠯᠡᠷᠡᠭᠦᠯᠦᠨ ᠲᠡᠵᠢᠭᠡᠬᠦ ᠂ ᠭᠠᠴᠠᠭᠠᠨ ‍ᠤ ᠠᠷᠠᠳ ‍ᠤᠨ ᠵᠥᠪᠯᠡᠯ ᠬᠢᠨᠠᠨ ᠬᠠᠮᠢᠶᠠᠷᠬᠤ ᠠᠷᠭ᠎ᠠ ᠮᠠᠶᠢᠭ ᠢᠶᠠᠷ ᠳᠠᠮᠵᠢᠭᠤᠯᠤᠨ ᠂ ᠬᠣᠨᠢ ᠲᠡᠵᠢᠭᠡᠬᠦ ᠲᠣᠮᠣ ᠡᠷᠦᠬᠡ ᠳ᠋ᠦ ᠥᠪᠡᠷ ‍ᠦᠨ ᠥᠷᠲᠡᠭ ‍ᠢ ᠨᠢ ᠪᠠᠲᠤᠯᠠᠵᠤ ᠲᠡᠵᠢᠭᠡᠨ ᠦᠷᠡᠵᠢᠭᠦᠯᠦᠭᠡᠳ ᠂ ᠦᠷ᠎ᠡ ᠠᠰᠢᠭ ᠭᠠᠷᠤᠭᠰᠠᠨ ‍ᠤ ᠳᠠᠷᠠᠭ᠎ᠠ ᠵᠣᠬᠢᠴᠠᠩᠭᠤᠶ ᠰᠦᠢᠳᠬᠡᠯ ᠬᠤᠷᠢᠶᠠᠵᠤ ᠂ ᠭᠠᠴᠠᠭᠠᠨ ‍ᠤ ᠬᠠᠮᠲᠤ ᠶ᠋ᠢᠨ ᠣᠷᠣᠯᠭ᠎ᠠ ᠳ᠋ᠤ ᠣᠷᠣᠭᠤᠯᠤᠨ ᠂ ᠶᠠᠳᠠᠭᠤ ᠡᠴᠠ ᠠᠩᠭᠢᠵᠢᠷᠠᠭᠠᠳᠤᠶ ᠡᠷᠦᠬᠡ ᠂ ᠶᠠᠳᠠᠭᠤ ᠬᠦᠴᠢᠷᠳᠡᠯᠲᠡᠶ ᠡᠷᠦᠬᠡ ᠶ᠋ᠢᠨ ᠦᠢᠯᠡᠳᠪᠦᠷᠢᠯᠡᠯ ᠠᠮᠢᠳᠤᠷᠠᠯ ᠪᠠ ᠬᠠᠮᠲᠤ ᠨᠡᠢᠲᠡ ᠶ᠋ᠢᠨ ᠪᠤᠰᠤᠳ ᠬᠡᠷᠡᠭ ᠶᠠᠪᠤᠳᠠᠯ ᠳ᠋ᠤ ᠬᠡᠷᠡᠭᠯᠡᠬᠦ ᠪᠣᠯᠣᠨ᠎ᠠ ᠃

        ᠰᠢᠷᠠᠯᠵᠢᠳᠠᠢ ᠲᠣᠰᠬᠣᠨ ‍ᠤ ᠨᠠᠮ ‍ᠤᠨ ᠡᠭᠦᠷ ‍ᠦᠨ ᠱᠦᠵᠢ    ᠵᠧᠩ ᠸᠧᠶ ᠰᠢᠨ ᠄
      ᠲᠣᠰᠬᠣᠨ ‍ᠤ ᠪᠤᠰᠤᠳ ᠲᠡᠵᠢᠭᠡᠨ ᠦᠷᠡᠵᠢᠭᠦᠯᠬᠦ ᠡᠷᠦᠬᠡ ᠶ᠋ᠢᠨ ᠲᠡᠵᠢᠭᠡᠵᠦ ᠪᠠᠶᠢᠭ᠎ᠠ ᠨᠢ ᠴᠥᠮ ᠡᠩ ‍ᠦᠨ ᠡᠬᠦᠯᠳᠡᠷ ‍ᠤᠨ ᠬᠣᠨᠢ ᠪᠠᠶᠢᠵᠣ ᠂ ᠲᠡᠳᠡᠨ ‍ᠤ ᠬᠣᠨᠢ ᠶ᠋ᠢᠨ ᠡᠭᠦᠯᠳᠡᠷ ‍ᠤᠨ ᠲᠥᠷᠥᠯ ᠵᠦᠢᠯ ‍ᠢ ᠰᠣᠯᠢᠵᠦ ᠂ ᠣᠴᠢᠷ ᠨᠢ ᠡᠨᠡ ᠡᠭᠦᠯᠳᠡᠷ ‍ᠤᠨ ᠬᠣᠨᠢ ᠶ᠋ᠢᠨ ᠠᠵᠤ ᠠᠬᠤᠢ ᠶ᠋ᠢᠨ ᠦᠷ᠎ᠡ ᠠᠰᠢᠭ ᠰᠠᠶᠢᠨ ᠪᠠᠶᠢᠵᠣ ᠂ ᠳᠥᠷᠪᠡᠨ ᠰᠠᠷ᠎ᠠ ᠬᠠᠭᠠᠰ ‍ᠤᠨ ᠳᠣᠲᠣᠷ᠎ᠠ ᠵᠠᠭᠤᠨ ᠵᠢᠩ ᠳ᠋ᠦ ᠬᠦᠷᠬᠦ ᠪᠣᠯᠣᠨ᠎ᠠ ᠂ ᠡᠶᠢᠮᠦ ᠡᠴᠠ ᠣᠷᠣᠯᠭ᠎ᠠ ᠨᠢ ᠨᠡᠯᠢᠶᠡᠳ ᠰᠠᠶᠢᠨ ᠪᠠᠶᠢᠵᠣ ᠂ ᠠᠵᠤ ᠦᠢᠯᠡᠰ ‍ᠦᠨ ᠪᠦᠲᠦᠴᠡ ᠶ᠋ᠢ ᠲᠣᠬᠢᠷᠠᠭᠤᠯᠬᠤ ᠳ᠋ᠣ ᠬᠣᠨᠢ ᠶ᠋ᠢᠨ ᠡᠭᠦᠯᠳᠡᠷ ‍ᠢ ᠰᠣᠯᠢᠵᠣ ᠪᠠᠶᠢᠨ᠎ᠠ ᠃

      ᠡᠨᠡ ᠤᠳᠠᠭ᠎ᠠ ᠠᠤᠬᠠᠨ ᠬᠣᠰᠢᠭᠤᠨ ‍ᠤ ᠳ᠋ᠠ ᠵᠣᠸᠠᠩ ᠮᠠᠯ ᠠᠵᠤ ᠠᠬᠤᠢ ᠶ᠋ᠢᠨ ᠺᠣᠮᠫᠠᠨᠢ ᠡᠴᠠ ᠰᠢᠷᠠᠯᠵᠢᠳᠠᠢ ᠲᠣᠰᠬᠣᠨ ᠳ᠋ᠤ 44 ᠲᠣᠯᠣᠭᠠᠢ 15 ᠲᠦᠮᠡᠨ ᠲᠥᠭᠥᠷᠢᠭ ‍ᠦᠨ ᠥᠷᠲᠡᠭ ᠲᠠᠢ ᠬᠣᠨᠢ ᠬᠠᠨᠳᠢᠪᠯᠠᠭᠰᠠᠨ ᠪᠥᠭᠡᠳ ᠬᠡᠯᠡᠯᠴᠡᠭᠡᠷ ᠲᠣᠭᠲᠠᠵᠤ ᠂ ᠭᠤᠷᠪᠠᠨ ᠵᠢᠯ ‍ᠦᠨ ᠳᠣᠲᠣᠷ᠎ᠠ ᠰᠠᠭᠤᠷᠢ ᠡᠮ᠎ᠡ ᠬᠣᠨᠢ ᠵᠢ ᠬᠣᠳᠠᠯᠳᠣᠵᠦ ᠪᠣᠯᠬᠤ ᠥᠬᠡᠶ ᠂ ᠪᠣᠷᠳᠣᠡᠡᠰᠠᠨ ᠬᠣᠨᠢ ᠶ᠋ᠢ ᠺᠣᠮᠫᠠᠨᠢ ᠡᠴᠠ ᠺᠢᠯᠣᠭᠷᠠᠮ ᠪᠦᠷᠢ ᠳ᠋ᠡᠭᠡᠨ ᠵᠠᠬ᠎ᠠ ᠳᠡᠯᠭᠡᠭᠦᠷ ‍ᠦᠨ ᠦᠨ᠎ᠡ ᠡᠴᠡ ᠨᠢᠭᠡ ᠲᠥᠭᠥᠷᠢᠭ ᠥᠨᠳᠥᠷ ᠦᠨ᠎ᠡ ᠪᠡᠷ ᠬᠣᠷᠢᠶᠠᠨ ᠠᠪᠴᠤ ᠂ ᠲᠣᠰ ᠬᠣᠭᠣᠴᠠᠭᠠᠨ ᠳᠦ ᠠᠵᠤ ᠠᠬᠣᠶᠢᠯᠠᠯ ᠡᠴᠠ ᠮᠡᠷᠭᠡᠵᠢᠯ ‍ᠦᠨ ᠵᠢᠯᠣᠭᠣᠳᠣᠯᠭ᠎ᠠ ᠬᠠᠩᠭᠠᠬᠤ ᠪᠣᠯᠤᠨ᠎ᠠ ᠃


ᠢᠷᠡᠯᠳᠡ᠄ ᠨᠠᠶᠢᠷᠠᠭᠤᠯᠤᠭᠴᠢ᠄ ᠰᠣᠮᠢᠶ᠎ᠠ