ᠵᠢᠵᠢᠭᠬᠡᠨ ᠰᠢᠬᠢᠷᠯᠢᠭ ᠲᠥᠮᠥᠰᠥ ᠵᠢ 《 ᠠᠯᠲᠠ ᠪᠠᠷ ᠦᠩᠬᠡᠯᠡᠵᠦ 》 ᠪᠠᠶᠠᠵᠢᠯ ‍ᠤᠨ ᠬᠦᠰᠡᠯ ᠵᠡᠭᠦᠳᠦ ᠨᠢ ᠦᠨᠡᠨ ᠪᠣᠳᠠᠲᠠᠶ ᠪᠣᠯᠣᠭᠰᠠᠨ

ᠣᠩᠰᠢᠭᠰᠠᠨ ᠤᠳᠠᠭ᠎ᠠ ᠄ 1023     ᠨᠡᠶᠢᠳᠡᠯᠡᠭᠰᠡᠨ ᠴᠠᠭ ᠄ 2019/6/17 10:06:14

  
       ᠴᠢᠩ ᠯᠦᠩ ᠱᠠᠨ ᠪᠠᠯᠭᠠᠰᠤᠨ ‍ᠤ ᠠᠭᠤᠯᠠ ᠤᠰᠤ ᠨᠢ ᠵᠢᠷᠤᠭ ᠮᠡᠲᠦ ᠂ ᠥᠩᠭᠡ ᠦᠵᠡᠮᠵᠢ ᠭᠣᠶᠢᠳᠠ ᠰᠠᠶᠢᠬᠠᠨ ᠪᠠᠶᠢᠵᠣ ᠂ ᠡᠨᠳᠡᠬᠢ ᠠᠭᠤᠯᠠ ᠤᠯᠠᠨ ᠭᠠᠵᠠᠷ ᠪᠠᠭ᠎ᠠ ᠪᠠᠶᠢᠳᠠᠭ ᠨᠢ ᠲᠠᠷᠢᠶᠠᠯᠠᠩ ᠦᠢᠯᠡᠰ ‍ᠢ ᠬᠥᠭᠵᠢᠭᠦᠯᠬᠦ ᠲᠠᠯ᠎ᠠ ᠡᠴᠠ ᠠᠪᠴᠤ ᠬᠡᠯᠡᠪᠡᠯ ᠲᠥᠷᠥᠯᠬᠢ ᠬᠦᠷᠦᠯᠴᠡᠬᠦ ᠦᠭᠡᠢ ᠪᠣᠯᠤᠨ᠎ᠠ ᠃ ᠭᠡᠲᠡᠯ᠎ᠡ ᠠᠵᠢᠯᠴᠢ ᠬᠥᠳᠡᠯᠮᠦᠷᠢᠴᠢ ᠴᠢᠩ ᠯᠦᠩ ᠱᠠᠨ ‍ᠤ ᠬᠥᠮᠦᠰ ᠭᠠᠵᠠᠷ ᠣᠷᠣᠨ ‍ᠤ ᠪᠠᠶᠢᠳᠠᠯ ᠳ᠋ᠠᠭᠠᠨ ᠲᠤᠬᠢᠷᠠᠭᠤᠯᠤᠨ ᠂ ᠲᠠᠪᠠᠭᠣᠯᠢᠭ ᠲᠠᠯ᠎ᠠ ᠪᠠᠨ ᠪᠠᠳᠠᠷᠠᠭᠤᠯᠤᠨ ᠰᠢᠬᠢᠷᠯᠢᠭ ᠲᠥᠮᠥᠰᠥ ᠶ᠋ᠢᠨ ᠠᠵᠤ ᠦᠢᠯᠡᠰ ‍ᠢ ᠪᠤᠵᠠᠭᠠᠶᠢᠷᠠᠭᠤᠯᠤᠨ ᠬᠦᠭᠵᠢᠬᠦᠯᠵᠦ ᠂ ᠠᠷᠠᠳ ‍ᠢ ᠪᠠᠶᠠᠵᠢᠭᠤᠯᠬᠤ ᠰᠢᠨ᠎ᠡ ᠵᠠᠮ ‍ᠢ ᠨᠡᠭᠡᠭᠡᠭᠰᠡᠨ ᠪᠠᠶᠢᠨ᠎ᠠ ᠃
       ᠴᠢᠩ ᠯᠦᠩ ᠱᠠᠨ ᠪᠠᠯᠭᠠᠰᠤ ᠨᠠᠢᠮᠠᠨ ᠬᠣᠰᠢᠭᠤᠨ ‍ᠤ ᠡᠮᠦᠨᠡᠲᠦ ᠬᠡᠰᠡᠭ ᠲᠦ ᠪᠠᠶᠢᠷᠢᠯᠠᠵᠤ ᠂ ᠨᠡᠶᠢᠲᠡᠯᠢᠭ ᠠᠭᠤᠯᠠᠷᠬᠠᠭ ᠣᠷᠣᠨ ᠪᠠᠶᠢᠵᠣ ᠂ ᠬᠥᠷᠥᠰᠥ ᠰᠢᠷᠣᠶ ᠶ᠋ᠢᠨ ᠥᠪᠡᠷᠮᠢᠴᠡ ᠨᠥᠬᠥᠴᠡᠯ ᠡᠴᠡ ᠪᠣᠯᠵᠤ ᠂ ᠴᠢᠩ ᠯᠦᠩ ᠱᠠᠨ ᠪᠠᠯᠭᠠᠰᠤᠨ ‍ᠤ ᠲᠠᠷᠢᠶᠠᠴᠢᠨ ᠡᠷᠦᠬᠡ ᠰᠢᠬᠢᠷᠯᠢᠭ ᠲᠥᠮᠥᠰᠥ ᠲᠠᠷᠢᠬᠤ ᠂ ᠹᠸᠨᠲᠢᠶᠣᠣᠷ ᠪᠣᠯᠪᠠᠰᠤᠷᠠᠭᠤᠯᠬᠤ ᠠᠵᠢᠯ ᠡᠷᠬᠢᠯᠡᠭᠡᠳ ᠨᠢᠭᠡᠨᠲᠡ ᠵᠠᠭᠤᠨ ᠵᠢᠯ ‍ᠦᠨ ᠲᠡᠦᠬᠡ ᠲᠠᠢ ᠪᠣᠯᠣᠭᠰᠠᠨ ᠶᠣᠮ ᠃

      ᠠᠮᠲᠠᠲᠤ ᠲᠥᠮᠥᠰᠥ ᠶ᠋ᠢᠨ ᠠᠵᠤ ᠦᠢᠯᠡᠰ ‍ᠢ ᠬᠡᠷᠬᠢᠨ ᠦᠳᠲᠡᠷ ᠲᠦᠷᠭᠡᠨ ᠬᠦᠭᠵᠢᠬᠦᠯᠵᠦ ᠪᠤᠵᠠᠭᠠᠶᠢᠷᠠᠭᠤᠯᠬᠤ ᠲᠤᠬᠠᠢ ᠴᠢᠩ ᠯᠦᠩ ᠱᠠᠨ ‍ᠤ ᠬᠥᠮᠦᠰ ᠰᠢᠷᠭᠠᠭᠤ ᠰᠡᠳᠬᠢᠨ ᠂ ᠬᠠᠶᠢᠨ ᠰᠦᠪᠡᠭᠴᠢᠯᠡᠭᠰᠡᠭᠡᠷ ᠢᠷᠡᠭᠰᠡᠨ ᠪᠠᠶᠢᠨ᠎ᠠ ᠃

        2016 ᠣᠨ ᠳ᠋ᠤ ᠂ ᠥᠪᠥᠷ ᠮᠣᠩᠭᠣᠯ ‍ᠤᠨ ᠲᠩᠷᠢ ᠰᠢᠯᠢ ᠬᠥᠳᠡᠭᠡ ᠠᠵᠤ ᠠᠬᠤᠢ ᠶ᠋ᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ‍ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶ᠋ᠢ ᠠᠮᠵᠢᠯᠲᠠ ᠲᠠᠶ ᠣᠷᠣᠭᠤᠯᠤᠨ ᠠᠪᠴᠢᠷᠠᠵᠤ ᠂ ᠴᠢᠩ ᠯᠦᠩ ᠱᠠᠨ ‍ᠤ ᠠᠷᠠᠳ ᠲᠣ ᠪᠠᠶᠠᠵᠢᠯ ᠤᠨ ᠠᠵᠠ ᠲᠣᠬᠢᠶᠠᠯ ᠣᠯᠭᠣᠭᠰᠠᠨ ᠪᠠᠶᠢᠨ᠎ᠠ ᠃ ᠲᠩᠷᠢ ᠰᠢᠯᠢ ᠺᠣᠮᠫᠠᠨᠢ ᠶ᠋ᠢᠨ ᠭᠣᠣᠯ ᠪᠦᠲᠦᠭᠡᠨ ᠪᠠᠶᠢᠭᠣᠯᠣᠯᠳᠠ ᠳᠣᠣᠷ᠎ᠠ ᠂ ᠴᠢᠩ ᠯᠦᠩ ᠱᠠᠨ ‍ᠤ ᠠᠷᠠᠳ ᠣᠯᠠᠨ ᠵᠢᠯ ᠬᠦᠰᠡᠨ ᠪᠠᠷᠠᠯᠠᠵᠣ ᠪᠠᠶᠢᠭᠰᠠᠨ ᠰᠢᠬᠢᠷᠯᠢᠭ ᠲᠥᠮᠥᠰᠥ ᠶ᠋ᠢᠨ ᠪᠠᠶᠠᠵᠢᠯ ‍ᠤᠨ ᠵᠡᠭᠦᠳᠦ ᠨᠢ ᠦᠨᠡᠨ ᠪᠣᠳᠠᠳᠠᠢ ᠪᠣᠯᠤᠭᠰᠠᠨ ᠪᠠᠶᠢᠨ᠎ᠠ ᠃ ᠲᠩᠷᠢ ᠰᠢᠯᠢ ᠺᠣᠮᠫᠠᠨᠢ 6.5 ᠳ᠋ᠦᠩᠰᠢᠭᠤᠷ ᠲᠥᠭᠥᠷᠢᠭ ᠪᠡᠯᠡ ᠣᠷᠣᠭᠤᠯᠵᠤ ᠂ 《 ᠨᠢᠭᠡ ᠭᠢᠨᠵᠢ ᠳᠥᠷᠪᠡᠨ ᠲᠣᠭᠣᠷᠢᠭ ᠨᠢᠭᠡ ᠰᠠᠭᠤᠷᠢᠨ ᠭᠠᠵᠠᠷ ᠨᠢᠭᠡ ᠠᠵᠢᠯᠯᠠᠬᠣ ᠲᠠᠰᠤᠭ 》 ᠤᠨ ᠰᠡᠳᠬᠢᠮᠵᠢ ᠶᠣᠰᠣᠭᠠᠷ ᠰᠢᠬᠢᠷᠯᠢᠭ ᠲᠥᠮᠥᠰᠥ ᠶ᠋ᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ ᠠᠵᠤ ᠦᠢᠯᠡᠰ ᠤᠨ ᠬᠦᠷᠢᠶᠡᠯᠡᠩ ‍ᠢ ᠲᠥᠯᠥᠪᠵᠢᠭᠦᠯᠦᠨ ᠪᠦᠲᠦᠭᠡᠨ ᠪᠠᠶᠢᠭᠣᠯᠵᠣ ᠂ ᠰᠢᠬᠢᠷᠯᠢᠭ ᠲᠥᠮᠥᠰᠥ ᠶ᠋ᠢᠨ ᠪᠦᠬᠦ ᠠᠵᠤ ᠦᠢᠯᠡᠰ ᠤᠨ ᠬᠡᠯᠬᠢᠶ᠎ᠡ ᠵᠢ ᠴᠣᠭᠴᠠᠯᠠᠨ  ᠪᠠᠶᠢᠭᠣᠯᠵᠣ ᠂ ᠰᠢᠬᠢᠷᠯᠢᠭ ᠲᠥᠮᠥᠰᠥ ᠂ ᠰᠢᠷᠠᠭᠰᠠᠨ ᠲᠥᠮᠥᠰᠥ ᠂ ᠹᠸᠨᠲᠢᠶᠣᠣᠷ ᠂ ᠢᠰᠬᠡᠬᠦ ᠡᠳ᠋ ᠵᠡᠷᠭᠡ ᠲᠦᠮᠦᠰᠦᠨ ᠤ ᠲᠥᠷᠥᠯ ᠤᠨ ᠪᠦᠲᠦᠭᠡᠭᠳᠡᠬᠦᠨ ᠤ ᠠᠵᠤ ᠦᠢᠯᠡᠳᠪᠦᠷᠢᠵᠢᠭᠰᠡᠨ ᠦᠢᠯᠡᠳᠪᠦᠷᠢᠯᠡᠯ ‍ᠢ ᠪᠡᠶᠡᠯᠡᠬᠦᠯᠵᠦ ᠪᠠᠶᠢᠨ᠎ᠠ ᠃ ᠣᠳᠣᠬᠠᠨ ᠪᠣᠯᠳᠠᠯ᠎ᠠ ᠂ 3.5 ᠳ᠋ᠦᠩᠰᠢᠭᠤᠷ ᠲᠥᠭᠥᠷᠢᠭ ‍ᠦᠨ ᠪᠡᠯᠡ ᠣᠷᠣᠭᠤᠯᠤᠯᠲᠠ ᠶ᠋ᠢ ᠪᠡᠶᠡᠯᠡᠭᠦᠯᠵᠦ ᠂ 3170 ᠲᠡᠭᠰᠢ ᠳᠥᠷᠪᠡᠯᠵᠢᠨ ᠮᠧᠲ᠋ᠷ ‍ᠦᠨ ᠹᠸᠨᠲᠢᠶᠣᠣᠷ ᠪᠣᠯᠪᠠᠰᠤᠷᠠᠭᠤᠯᠬᠤ ᠲᠠᠰᠤᠭ ᠂ 2260 ᠲᠡᠭᠰᠢ ᠳᠥᠷᠪᠡᠯᠵᠢᠨ ᠮᠧᠲ᠋ᠷ ‍ᠦᠨ ᠴᠠᠷᠳᠠᠭᠤᠯ ᠪᠣᠯᠪᠠᠰᠤᠷᠠᠭᠤᠯᠬᠤ ᠲᠠᠰᠤᠭ ᠪᠠᠶᠢᠭᠣᠯᠵᠣ ᠂ ᠪᠠᠰᠠ 1.4 ᠲᠦᠮᠡᠨ ᠲᠡᠭᠰᠢ ᠳᠥᠷᠪᠡᠯᠵᠢᠨ ᠮᠧᠲ᠋ᠷ ᠲᠠᠯᠠᠪᠠᠢ ᠳᠠᠢ ᠂ 5000 ᠲᠦᠮᠡᠨ ᠵᠢᠩ ᠬᠠᠳᠠᠭᠠᠯᠠᠬᠤ ᠴᠢᠳᠠᠪᠤᠷᠢ ᠲᠠᠶ ᠰᠢᠨ᠎ᠡ ᠰᠣᠷᠭᠣᠭ ᠲᠥᠮᠥᠰᠥ ᠬᠠᠳᠠᠭᠠᠯᠠᠬᠤ ᠬᠥᠮᠥᠷᠭᠡ ᠵᠢᠴᠢ ᠪᠦᠷᠢᠨ ᠨᠤᠨᠲᠠᠭ ‍ᠤᠨ ᠲᠠᠰᠤᠭ ᠂ ᠢᠳᠡᠭᠡᠨ ᠪᠣᠯᠪᠠᠰᠤᠷᠠᠭᠤᠯᠬᠤ ᠲᠠᠰᠤᠭ ᠂ ᠡᠯᠳᠡᠪ ᠠᠮᠤ ᠪᠣᠯᠪᠠᠰᠤᠷᠠᠭᠤᠯᠬᠤ ᠲᠠᠰᠤᠭ ᠂ ᠰᠢᠷᠠᠭᠰᠠᠨ ᠲᠥᠮᠥᠰᠥ ᠪᠣᠯᠪᠠᠰᠤᠷᠠᠭᠤᠯᠬᠤ ᠲᠠᠰᠤᠭ ᠪᠣᠯᠤᠨ 60 ᠰᠠᠭᠤᠷᠢ ᠢᠩᠲᠣᠣᠷ ‍ᠤᠨ ᠬᠦᠯᠡᠮᠵᠢ ᠪᠠᠶᠢᠭᠤᠯᠪᠠ ᠃ ᠺᠣᠮᠫᠠᠨᠢ ᠨᠢ 14440 ᠲᠦᠮᠡᠨ ᠵᠢᠩ ᠴᠠᠷᠳᠠᠭᠤᠯ ᠂ 1752 ᠲᠦᠮᠡᠨ ᠵᠢᠩ ᠪᠦᠷᠢᠨ ᠨᠤᠨᠲᠠᠭ ᠂ 1000 ᠲᠦᠮᠡᠨ ᠵᠢᠩ ᠹᠸᠨᠲᠢᠶᠣᠣᠷ ᠦᠢᠯᠡᠳᠪᠦᠷᠢᠯᠡᠬᠦ ᠴᠢᠳᠠᠪᠤᠷᠢ ᠲᠠᠶ ᠪᠠᠶᠢᠵᠤ ᠂ ᠵᠢᠯ ᠪᠦᠷᠢ 10 ᠲᠦᠮᠡᠨ ᠮᠣ ᠶ᠋ᠢᠨ 1.2 ᠳ᠋ᠦᠩᠰᠢᠭᠤᠷ ᠺᠢᠯᠣᠭᠷᠠᠮ ᠰᠢᠨ᠎ᠡ ᠰᠣᠷᠭᠣᠭ ᠲᠥᠮᠥᠰᠥ ᠬᠤᠳᠠᠯᠳᠤᠨ ᠠᠪᠴᠤ ᠂ ᠬᠥᠳᠡᠭᠡ ᠲᠣᠰᠬᠣᠨ ‍ᠤ 300 ᠰᠢᠬᠠᠮ ᠬᠥᠳᠡᠯᠮᠦᠷᠢ ᠬᠦᠴᠦ ᠵᠢ ᠰᠢᠯᠵᠢᠭᠦᠯᠦᠨ ᠲᠥᠪᠬᠢᠨᠡᠭᠦᠯᠵᠦ ᠠᠵᠢᠯ ᠣᠯᠭᠣᠨ ᠂ ᠬᠥᠮᠥᠨ ᠳᠤᠮᠳᠠᠴᠢ ᠶ᠋ᠢᠨ ᠣᠷᠣᠯᠭ᠎ᠠ ᠨᠢ 2.5 ᠲᠦᠮᠡᠨ ᠲᠥᠭᠥᠷᠢᠭ ᠡᠴᠡ ᠳᠡᠭᠡᠭᠰᠢ ᠬᠦᠷᠦᠭᠰᠡᠨ  ᠪᠠᠶᠢᠨ᠎ᠠ ᠃ 《 ᠺᠣᠮᠫᠠᠨᠢ + ᠰᠠᠭᠤᠷᠢᠨ ᠭᠠᠵᠠᠷ + ᠲᠠᠷᠢᠶᠠᠴᠢᠨ ᠡᠷᠦᠬᠡ 》 ᠶ᠋ᠢᠨ ᠡᠵᠡᠩᠨᠡᠯᠲᠡ ᠶ᠋ᠢᠨ ᠬᠡᠯᠪᠡᠷᠢ ᠶ᠋ᠢᠨ ᠳᠠᠭᠠᠭᠤᠯᠭ᠎ᠠ ᠳᠣᠤᠷ᠎ᠠ ᠂ ᠴᠢᠩ ᠯᠦᠩ ᠱᠠᠨ ᠪᠠᠯᠭᠠᠰᠤᠨ ‍ᠤ ᠰᠢᠬᠢᠷᠯᠢᠭ ᠲᠥᠮᠥᠰᠥ ᠲᠠᠷᠢᠬᠤ ᠲᠠᠯᠠᠪᠠᠢ ᠭᠤᠷᠪᠠᠨ ᠵᠢᠯ ᠳᠠᠷᠠᠭᠠᠯᠠᠨ 3 ᠲᠦᠮᠡᠨ ᠮᠣ ᠡᠴᠠ ᠳᠡᠭᠡᠭᠰᠢ ᠳ᠋ᠥ ᠬᠦᠷᠦᠭᠰᠡᠨ ᠪᠠᠶᠢᠨ᠎ᠠ ᠃

       ᠴᠢᠩ ᠯᠦᠩ ᠱᠠᠨ ᠪᠠᠯᠭᠠᠰᠣᠨ ᠤ ᠰᠢᠬᠢᠷᠯᠢᠭ ᠲᠥᠮᠥᠰᠥ ᠶ᠋ᠢᠨ ᠠᠵᠤ ᠦᠢᠯᠡᠰ ‍ᠦᠨ ᠬᠥᠭᠵᠢᠯᠲᠡ ᠨᠢ ᠲᠠᠭᠠᠯᠳᠠ ᠠᠵᠤ ᠦᠢᠯᠡᠰ ‍ᠦᠨ ᠥᠷᠨᠢᠨ ᠬᠥᠭᠵᠢᠬᠦ ᠶ᠋ᠢ ᠲᠠᠶᠢᠴᠢᠯᠠᠭᠰᠠᠨ ᠪᠠᠶᠢᠨ᠎ᠠ ᠃ ᠴᠢᠩ ᠯᠦᠩ ᠱᠠᠨ ‍ᠤ ᠹᠸᠨᠲᠢᠶᠣᠣᠷ ᠨᠢ ᠤᠯᠤᠰ ᠤᠨ ᠠᠮᠢ ᠠᠬᠤᠢ ᠶ᠋ᠢᠨ ᠤᠭ ᠭᠠᠷᠤᠯᠲᠠ ᠶ᠋ᠢᠨ ᠣᠷᠣᠨ ‍ᠤ ᠪᠦᠳᠦᠭᠡᠭᠳᠡᠬᠦᠨ ‍ᠦ ᠬᠠᠮᠠᠭᠠᠯᠠᠯᠲᠠ ᠂ ᠤᠯᠤᠰ ᠤᠨ ᠲᠠᠰ ‍ᠤᠨ ᠲᠠᠷᠢᠶᠠᠯᠠᠩ ‍ᠤᠨ ᠪᠦᠲᠦᠭᠡᠭᠳᠡᠬᠦᠨ ‍ᠦ ᠭᠠᠵᠠᠷ ᠵᠦᠢ ᠶ᠋ᠢᠨ ᠪᠡᠯᠭᠡ ᠲᠡᠮᠲᠡᠭ ‍ᠢ ᠬᠦᠷᠳᠡᠵᠣ ᠂ ᠪᠡᠭᠡᠵᠢᠩ ᠂ ᠱᠠᠩᠬᠠᠢ ᠵᠡᠷᠭᠡ ᠶᠡᠬᠡ ᠬᠤᠳᠠ ᠳ᠋ᠤ ᠪᠣᠷᠣᠯᠠᠭᠤᠯᠪᠠ ᠃ 《 ᠢᠳᠡᠬᠦ ᠂ ᠰᠠᠭᠤᠬᠤ ᠂ ᠶᠠᠪᠤᠬᠤ ᠂ ᠵᠤᠭᠠᠴᠠᠬᠤ 》 ᠶ᠋ᠢᠨ ᠲᠣᠭᠣᠷᠢᠨ ᠳ᠋ᠤ ᠂ ᠴᠢᠩ ᠯᠦᠩ ᠱᠠᠨ ᠪᠠᠯᠭᠠᠰᠤᠨ ‍ᠤ ᠡᠯᠪᠡᠭ ᠬᠤᠷᠢᠶᠠᠯᠲᠠ ᠶ᠋ᠢᠨ ᠨᠠᠶᠢᠷ ᠂ ᠢᠩᠲᠣᠣᠷ ᠤᠨ ᠨᠠᠶᠢᠷ ᠂ ᠰᠡᠯᠡᠭᠦᠴᠡᠨ ᠵᠤᠭᠠᠴᠠᠬᠤ ᠂ ᠢᠳᠡᠵᠦ ᠤᠤᠭᠤᠬᠤ ᠬᠣᠨᠣᠵᠤ ᠬᠡᠪᠲᠡᠬᠦ ᠂ ᠭᠡᠷᠡᠯ ᠵᠢᠷᠤᠭ ᠠᠪᠬᠤ ᠤᠷᠤᠯᠳᠤᠭᠠᠨ ᠵᠡᠷᠭᠡ ᠤᠯᠠᠨ ᠬᠡᠯᠪᠡᠷᠢ ᠶ᠋ᠢᠨ ᠠᠵᠢᠯᠯᠠᠭ᠎ᠠ ᠶ᠋ᠢ ᠡᠷᠬᠢᠯᠡᠨ ᠂ ᠰᠢᠬᠢᠷᠯᠢᠭ ᠲᠥᠮᠥᠰᠥ ᠶ᠋ᠢᠨ ᠠᠵᠤ ᠦᠢᠯᠡᠰ ᠪᠣᠯᠤᠨ ᠵᠤᠭᠠᠴᠠᠯ ‍ᠤᠨ ᠦᠢᠯᠡᠰ ‍ᠦᠨ ᠣᠷᠭᠠᠨᠢᠭ ᠤᠶᠠᠯᠳᠤᠯ ‍ᠢ ᠠᠬᠢᠭᠤᠯᠵᠤ ᠂ ᠴᠢᠩ ᠯᠦᠩ ᠱᠠᠨ ᠸᠠ᠂ ᠴᠧᠨ ᠣᠯᠣᠰ ᠤᠨ ᠭᠦᠩᠵᠦ ᠶ᠋ᠢᠨ ᠣᠩᠭᠣᠨ  ᠪᠠ  ᠰᠢᠬᠢᠷᠯᠢᠭ ᠲᠥᠮᠥᠰᠥ ᠶ᠋ᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ‍ᠦᠨ ᠠᠵᠤ ᠦᠢᠯᠡᠰ ‍ᠦᠨ ᠬᠦᠷᠢᠶᠡᠯᠡᠩ ‍ᠦᠨ ᠵᠤᠭᠠᠴᠠᠯ ‍ᠤᠨ ᠵᠠᠮ ᠱᠤᠭᠤᠮ ‍ᠢ ᠪᠠᠶᠢᠭᠣᠯᠵᠣ ᠂ ᠰᠢᠬᠢᠷᠯᠢᠭ ᠲᠥᠮᠥᠰᠥ ᠶ᠋ᠢᠨ ᠲᠠᠷᠢᠶᠠᠨ ᠭᠠᠵᠠᠷ ‍ᠤᠨ ᠶᠡᠷᠦᠩᠬᠡᠢ ᠴᠣᠭᠴᠠ ᠶ᠋ᠢ ᠪᠠᠶᠢᠭᠣᠯᠣᠨ ᠂ ᠠᠳᠠᠯᠢ ᠪᠤᠰᠤ ᠵᠠᠬ᠎ᠠ ᠳᠡᠯᠭᠡᠭᠦᠷ ᠂ ᠠᠳᠠᠯᠢ ᠪᠤᠰᠤ ᠲᠠᠰ ᠳᠠᠪᠬᠤᠷᠭ᠎ᠠ ᠶ᠋ᠢᠨ ᠬᠥᠮᠦᠰ ‍ᠦᠨ ᠬᠡᠷᠡᠭᠴᠡᠭᠡ ᠶ᠋ᠢ ᠬᠠᠩᠭᠠᠵᠣ ᠂ ᠴᠢᠩ ᠯᠦᠩ ᠱᠠᠨ ‍ᠦ ᠠᠷᠠᠳ ‍ᠤᠨ ᠰᠢᠬᠢᠷᠯᠢᠭ ᠲᠥᠮᠥᠰᠥ ᠶ᠋ᠢᠨ ᠪᠠᠶᠠᠵᠢᠯ ‍ᠤᠨ ᠵᠡᠭᠦᠳᠦ ᠨᠢ ᠠᠭᠠᠵᠢᠮ ᠢᠶᠠᠷ ᠳᠡᠷᠭᠡᠯᠰᠢᠭᠰᠡᠨ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ