ᠳᠥᠷᠪᠡᠳᠦᠭᠡᠷ ᠬᠤᠭᠤᠴᠠᠭᠠᠨ ‍ᠤ ᠬᠣᠷᠴᠢᠨ ‍ᠤ 500 ᠺᠢᠯᠣᠮᠧᠲ᠋ᠷ ‍ᠦᠨ ᠦᠵᠡᠮᠵᠢ ᠶ᠋ᠢᠨ ᠵᠠᠮ ᠢᠶᠠᠷ ᠦᠪᠡᠷᠳᠡᠭᠡᠨ ᠲᠡᠷᠭᠡ ᠵᠢᠯᠣᠭᠣᠳᠬᠣ ᠠᠶᠠᠯᠠᠯ ‍ᠤᠨ ᠠᠵᠢᠯᠯᠠᠭ᠎ᠠ ᠶ᠋ᠢᠨ ᠡᠬᠢᠯᠡᠯᠲᠡ ᠶ᠋ᠢᠨ ᠶᠣᠰᠣᠯᠠᠯ ᠶᠠᠪᠣᠭᠳᠠᠭᠰᠠᠨ

ᠣᠩᠰᠢᠭᠰᠠᠨ ᠤᠳᠠᠭ᠎ᠠ ᠄ 1409     ᠨᠡᠶᠢᠳᠡᠯᠡᠭᠰᠡᠨ ᠴᠠᠭ ᠄ 2019/6/12 17:25:54

 

        6 ᠳ᠋ᠤᠭᠠᠷ ᠰᠠᠷ᠎ᠠ ᠶ᠋ᠢᠨ 10 ‍ᠤ ᠡᠳᠦᠷ ‍ᠦᠨ ᠦᠳᠡ ᠡᠮᠦᠨ᠎ᠡ ᠂ ᠰᠡᠯᠡᠭᠦᠴᠡᠨ ᠵᠣᠭᠠᠴᠠᠬᠣ ᠠᠶᠠᠯᠠᠯ 2019 ᠣᠨ ᠤ ( ᠲᠦᠩᠯᠢᠶᠣᠤ ) ᠶ᠋ᠢᠨ ᠳᠥᠷᠪᠡᠳᠦᠭᠡᠷ ᠬᠤᠭᠤᠴᠠᠭᠠᠨ ‍ᠤ ᠬᠣᠷᠴᠢᠨ ‍ᠤ 500 ᠺᠢᠯᠣᠮᠧᠲ᠋ᠷ ‍ᠦᠨ ᠦᠵᠡᠮᠵᠢ ᠶ᠋ᠢᠨ ᠵᠠᠮ ᠢᠶᠠᠷ ᠦᠪᠡᠷᠳᠡᠭᠡᠨ ᠲᠡᠷᠭᠡ ᠵᠢᠯᠣᠭᠣᠳᠬᠣ ᠠᠶᠠᠯᠠᠯ ᠵᠢᠴᠢ ᠦᠪᠡᠷᠳᠡᠭᠡᠨ ᠬᠦᠴᠦᠷᠬᠡᠭᠵᠢᠬᠦ ᠠᠩᠭᠯᠢ ᠬᠡᠯᠡ ᠬᠣᠨᠳᠠᠭᠠᠳᠣ ᠬᠠᠮᠣᠭ ᠤᠨ ᠰᠠᠶᠢᠨ ᠲᠣᠭᠣᠢ ᠣᠨᠣᠭᠴᠢ ᠵᠢ ᠠᠯᠪᠠᠨ ᠤ ᠲᠠᠯ᠎ᠠ ᠡᠴᠡ ᠰᠢᠯᠭᠠᠷᠠᠭᠤᠯᠬᠤ ᠤᠷᠤᠯᠳᠤᠭᠠᠨ ‍ᠤ ᠪᠣᠭᠳᠣ ᠶ᠋ᠢᠨ ᠡᠯᠡᠰᠦᠨ ᠡᠴᠡ ᠲᠡᠷᠭᠡ ᠬᠦᠳᠡᠯᠬᠦ ᠡᠬᠢᠯᠡᠯᠲᠡ ᠶ᠋ᠢᠨ ᠶᠣᠰᠣᠯᠠᠯ ᠪᠣᠭᠳᠣ ᠡᠯᠡᠰᠣ ᠮᠠᠩᠬᠠᠨ ᠤ ᠵᠣᠭᠠᠴᠠᠯ ᠤᠨ ᠣᠷᠣᠨ ᠳ᠋ᠤ ᠶᠠᠪᠣᠭᠳᠠᠵᠣ ᠂ ᠬᠣᠰᠢᠭᠣᠨ ᠤ ᠨᠠᠮ ‍ᠤᠨ ᠬᠣᠷᠢᠶᠠᠨ ‍ᠤ ᠳᠡᠳ᠋ ᠱᠦᠵᠢ ᠯᠢ ᠢᠦᠢ ᠱᠠᠨ ᠲᠡᠷᠭᠡ ᠬᠥᠳᠡᠯᠬᠦ ᠶᠣᠰᠣᠯᠠᠯ ᠳ᠋ᠤ ᠣᠷᠣᠯᠴᠠᠬᠣ ᠶ᠋ᠢᠨ ᠬᠠᠮᠳᠣ ᠪᠠᠶᠠᠷ ‍ᠤᠨ ᠦᠭᠡ ᠶᠠᠷᠢᠵᠠᠢ ᠃

       ᠯᠢ ᠢᠦᠢ ᠱᠠᠨ ᠪᠠᠶᠠᠷ ‍ᠤᠨ ᠦᠭᠡ ᠳ᠋ᠡᠭᠡᠨ ᠄ ᠨᠠᠢᠮᠠᠨ ᠬᠣᠰᠢᠭᠤ ᠪᠣᠯ ᠬᠣᠷᠴᠢᠨ ‍ᠤ 500 ᠺᠢᠯᠣᠮᠧᠲ᠋ᠷ ‍ᠦᠨ ᠦᠵᠡᠮᠵᠢ ᠶ᠋ᠢᠨ ᠵᠠᠮ ‍ᠤᠨ ᠪᠠᠷᠠᠭᠤᠨ ᠡᠮᠦᠨᠡᠲᠦ ᠬᠡᠰᠡᠭ ‍ᠦᠨ ᠴᠢᠬᠤᠯᠠ ᠪᠦᠷᠢᠯᠳᠦᠬᠦᠨ ᠣᠷᠣᠨ ᠪᠠᠶᠢᠵᠣ ᠂ ᠡᠨᠳᠡ ᠨᠡᠯᠦᠭᠡᠷ ᠶᠡᠬᠡ ᠪᠣᠭᠳᠣ ᠡᠯᠡᠰᠣ ᠮᠠᠩᠬ᠎ᠠ ᠂ ᠥᠨᠢ ᠤᠳᠠᠭᠠᠨ ᠨᠠᠢᠮᠠᠨ ᠤ ᠸᠠᠩ ‍ᠤᠨ ᠣᠷᠳᠣᠨ ‍ᠤ ᠮᠦᠽᠧᠢ ᠂ ᠪᠣᠬᠢᠷᠳᠣᠯ ᠦᠭᠡᠢ ᠮᠧᠩ ᠵᠢᠶᠠ ᠳ᠋ᠤᠸᠠᠨ ᠨᠤᠭᠤ ᠭᠠᠵᠠᠷ ‍ᠤᠨ ᠵᠤᠭᠠᠴᠠᠯ ‍ᠤᠨ ᠣᠷᠣᠨ ᠂ ᠴᠢᠩ ᠯᠦᠩ ᠱᠠᠨ ᠤ ᠵᠤᠭᠠᠴᠠᠯ ‍ᠤᠨ ᠣᠷᠣᠨ ᠵᠡᠷᠭᠡ ᠥᠪᠡᠷᠮᠢᠴᠡ ᠲᠠᠲᠠᠬᠤ ᠬᠦᠴᠦᠨ ᠲᠡᠶ ᠵᠤᠭᠠᠴᠠᠯ ‍ᠤᠨ ᠦᠵᠡᠮᠵᠢ ᠶ᠋ᠢᠨ ᠣᠷᠣᠨ ᠪᠠᠶᠢᠵᠤ ᠂ ᠵᠤᠭᠠᠴᠠᠭᠰᠠᠳ ‍ᠤᠨ ᠰᠡᠯᠡᠭᠦᠴᠡᠨ ᠠᠶᠠᠯᠠᠵᠣ ᠥᠪᠡᠷ ‍ᠢᠶ᠋ᠡᠨ ᠮᠠᠰᠢᠨ ᠵᠢᠯᠣᠭᠣᠳᠴᠤ ᠪᠡᠶᠡᠴᠢᠯᠡᠨ ᠣᠶᠢᠯᠠᠭᠠᠬᠤ ᠬᠦᠰᠡᠯᠡᠩ ‍ᠦᠨ ᠣᠷᠣᠨ ᠪᠣᠯᠤᠨ᠎ᠠ ᠃ ᠲᠤᠰ ᠬᠤᠭᠤᠴᠠᠭᠠᠨ ‍ᠤ ᠠᠵᠢᠯᠯᠠᠭ᠎ᠠ ᠪᠠᠷ ᠳᠠᠮᠵᠢᠨ ᠂ ᠣᠯᠠᠨ ᠢᠶᠠᠷ ᠢᠶᠡᠨ ᠦᠷᠭᠦᠯᠵᠢ ᠨᠠᠢᠮᠠᠨ ᠬᠣᠰᠢᠭᠤᠨ ᠳ᠋ᠤ ᠢᠷᠡᠵᠦ ᠵᠤᠭᠠᠴᠠᠨ ᠲᠣᠭᠣᠷᠢᠵᠤ ᠂ ᠨᠠᠢᠮᠠᠨ ‍ᠤ ᠠᠷᠠᠳ ‍ᠤᠨ ᠵᠠᠩ ᠦᠢᠯᠡ ᠶ᠋ᠢ ᠣᠶᠢᠯᠠᠭᠠᠬᠤ ᠶ᠋ᠢ ᠬᠦᠰᠡᠵᠦ ᠪᠠᠶᠢᠨ᠎ᠠ ᠭᠡᠵᠡᠢ ︕

         ᠲᠡᠷᠭᠡ ᠬᠦᠳᠡᠯᠬᠦ ᠵᠠᠷᠯᠢᠭ ‍ᠢ ᠰᠣᠨᠣᠰᠤᠭᠰᠠᠨ ‍ᠤ ᠳᠠᠷᠠᠭ᠎ᠠ ᠂ ᠮᠣᠲ᠋ᠣᠷ ᠲᠡᠷᠭᠡ ᠂ ᠭᠡᠷᠳᠦ ᠲᠡᠷᠭᠡ ᠂ ᠬᠤᠪᠢ ᠶ᠋ᠢᠨ ᠲᠡᠷᠭᠡ ᠴᠢᠳᠠᠮᠵᠢ ᠪᠠᠨ ᠴᠢᠩᠭᠠᠷᠠᠭᠣᠯᠣᠨ ᠂ ᠲᠤᠰ ᠤᠳᠠᠭ᠎ᠠ ᠶ᠋ᠢᠨ ᠵᠣᠷᠢᠭᠰᠠᠨ ᠭᠠᠵᠠᠷ ᠪᠣᠯᠬᠤ ᠮᠧᠩ ᠵᠢᠶᠠ ᠳ᠋ᠤᠸᠠᠨ ᠦᠵᠡᠮᠵᠢ ᠶ᠋ᠢᠨ ᠣᠷᠣᠨ ᠲᠡᠰᠢ ᠮᠣᠷᠳᠠᠵᠣ ᠂ ᠲᠡᠷᠭᠡᠨ ᠠᠩᠭᠢ ᠨᠢ ᠶᠠᠭ ᠨᠢᠭᠡᠨ ᠤᠷᠳᠤ ᠯᠣᠣ ᠰᠢᠭ ‍ᠢᠶ᠋ᠡᠷ ᠦᠵᠡᠮᠵᠢ ᠶ᠋ᠢᠨ ᠣᠷᠣᠨ ᠪ ᠵᠠᠮ ᠳᠡᠭᠡᠷ᠎ᠡ ᠠᠶᠠᠯᠠᠨ ᠂ ᠮᠠᠰᠢ ᠤᠯᠠᠨ ᠵᠤᠭᠠᠴᠠᠭᠰᠠᠳ ‍ᠤᠨ ᠠᠩᠬᠠᠷᠤᠯ ‍ᠢ ᠲᠠᠳᠠᠭᠰᠠᠨ ᠪᠠᠶᠢᠨ᠎ᠠ ᠃

        ᠰᠡᠯᠡᠭᠦᠴᠡᠨ ᠵᠣᠭᠠᠴᠠᠬᠣ ᠠᠶᠠᠯᠠᠯ 2019 ᠣᠨ ᠤ ( ᠲᠦᠩᠯᠢᠶᠣᠤ ) ᠶ᠋ᠢᠨ ᠳᠥᠷᠪᠡᠳᠦᠭᠡᠷ ᠬᠤᠭᠤᠴᠠᠭᠠᠨ ‍ᠤ ᠬᠣᠷᠴᠢᠨ ‍ᠤ 500 ᠺᠢᠯᠣᠮᠧᠲ᠋ᠷ ‍ᠦᠨ ᠦᠵᠡᠮᠵᠢ ᠶ᠋ᠢᠨ ᠵᠠᠮ ᠢᠶᠠᠷ  ᠦᠪᠡᠷᠳᠡᠭᠡᠨ ᠲᠡᠷᠭᠡ ᠵᠢᠯᠣᠭᠣᠳᠬᠣ ᠠᠶᠠᠯᠠᠯ ᠪᠣᠯ ᠲᠦᠩᠯᠢᠶᠣᠤ ᠬᠤᠲᠠ ᠶ᠋ᠢᠨ ᠰᠣᠶᠣᠯ ᠵᠤᠭᠠᠴᠠᠯ ‍ᠤᠨ ᠲᠣᠪᠴᠢᠶ᠎ᠠ ᠡᠴᠠ ᠭᠣᠣᠯᠯᠠᠨ ᠡᠷᠬᠢᠯᠡᠵᠦ ᠂ ᠲᠦᠩᠯᠢᠶᠣᠤ ᠬᠤᠲᠠ ᠶ᠋ᠢᠨ ᠮᠠᠰᠢᠨ ᠲᠡᠷᠭᠡ ᠮᠣᠲ᠋ᠣᠷ ᠲᠡᠷᠭᠡᠨ ‍ᠦ ᠨᠡᠶᠢᠭᠡᠮᠯᠢᠭ ᠡᠴᠡ ᠳᠠᠭᠠᠭᠠᠴᠢᠯᠠᠨ ᠡᠷᠬᠢᠯᠡᠨ ᠂ ᠮᠠᠨ ‍ᠤ ᠬᠣᠰᠢᠭᠤᠨ ‍ᠤ ᠰᠣᠶᠣᠯ ᠵᠤᠭᠠᠴᠠᠯ ‍ᠤᠨ ᠲᠣᠪᠴᠢᠶ᠎ᠠ ᠡᠴᠠ ᠬᠠᠮᠵᠢᠯᠴᠠᠨ ᠡᠷᠬᠢᠯᠡᠭᠰᠡᠨ ᠨᠢᠬᠡᠨ ᠠᠵᠢᠯᠯᠠᠭ᠎ᠠ ᠪᠣᠯᠤᠨ᠎ᠠ ᠃ ᠲᠤᠰ ᠬᠤᠭᠤᠴᠠᠭᠠᠨ ‍ᠤ ᠠᠵᠢᠯᠯᠠᠭ᠎ᠠ ᠨᠢ ᠮᠠᠨ ᠤ  ᠬᠣᠰᠢᠭᠣ ᠡᠴᠠ ᠮᠣᠷᠳᠠᠵᠤ ᠂ ᠺᠠᠶᠢᠯᠦ ᠰᠢᠶᠠᠨ ᠂ ᠲᠦᠩᠯᠢᠶᠣᠤ ᠶ᠋ᠢᠨ ᠨᠡᠭᠡᠭᠡᠯᠲᠡ ᠶ᠋ᠢᠨ ᠣᠷᠣᠨ ᠢᠶᠠᠷ ᠳᠠᠮᠵᠢᠨ ᠂ ᠪᠦᠬᠦ ᠤᠯᠤᠰ ᠤᠨ ᠨᠠᠢᠮᠠᠳᠤᠭᠠᠷ ᠬᠤᠭᠤᠴᠠᠭᠠᠨ ‍ᠤ ᠥᠪᠡᠷᠲᠡᠭᠡᠨ ᠵᠢᠯᠣᠭᠣᠳᠬᠤ ᠵᠤᠭᠠᠴᠠᠯ ‍ᠤᠨ ᠶᠠᠷᠢᠶᠠᠨ ‍ᠤ ᠲᠠᠪᠴᠠᠩ ᠤᠨ ᠲᠦᠷᠦᠭᠦᠴᠦᠳ ‍ᠦᠨ ᠬᠤᠷᠠᠯ ‍ᠤᠨ ᠡᠷᠬᠢᠯᠡᠭᠰᠡᠨ ᠭᠠᠵᠠᠷ ᠬᠦᠷᠴᠦ ᠂ ᠨᠢᠬᠡ ᠵᠠᠮ ᠳ᠋ᠥ ᠮᠠᠰᠢᠨ ᠲᠡᠷᠭᠡᠨ ‍ᠦ ᠡᠵᠡᠳ ᠤᠮᠠᠷᠠᠲᠤ ᠶ᠋ᠢᠨ ᠦᠵᠡᠮᠵᠢ ᠶ᠋ᠢᠨ ᠣᠷᠣᠨ ‍ᠤ ᠰᠦᠷᠯᠢᠭ ᠰᠠᠶᠢᠬᠠᠨ ᠬᠡᠪ ᠨᠠᠮᠪᠠ ᠶ᠋ᠢ ᠰᠣᠨᠢᠷᠬᠠᠵᠤ ᠂ ᠮᠣᠩᠭᠣᠯ ᠦᠨᠳᠦᠰᠦᠲᠡᠨ ‍ᠦ ᠵᠠᠩ ᠰᠤᠷᠲᠠᠯ ‍ᠢ ᠪᠡᠶᠡᠴᠢᠯᠡᠨ ᠣᠶᠢᠯᠠᠭᠠᠬᠤ ᠪᠣᠯᠤᠨ᠎ᠠ ᠃ ᠠᠵᠢᠯᠯᠠᠭ᠎ᠠ ᠨᠢ ᠬᠣᠶᠠᠷ ᠡᠳᠦᠷ ‍ᠦᠨ ᠬᠣᠭᠣᠴᠠᠭ᠎ᠠ ᠲᠠᠢ ᠶᠠᠪᠣᠭᠳᠠᠵᠣ ᠂ ᠠᠵᠢᠯᠯᠠᠭ᠎ᠠ ᠳᠠᠭᠤᠰᠤᠭᠰᠠᠨ ‍ᠤ ᠳᠠᠷᠠᠭ᠎ᠠ 《 ᠬᠠᠮᠣᠭ ᠤᠨ ᠰᠠᠶᠢᠨ ᠲᠣᠭᠣᠢ ᠣᠨᠣᠭᠴᠢ 》 ᠂ 《 ᠬᠠᠮᠤᠭ ‍ᠤᠨ ᠰᠠᠶᠢᠨ ᠣᠷᠣᠯᠴᠠᠭᠴᠢ 》 ᠵᠡᠷᠭᠡ 10 ᠭᠠᠷᠤᠶ ᠱᠠᠩᠨᠠᠯ ‍ᠤᠨ ᠵᠦᠢᠯ ‍ᠢ ᠰᠢᠯᠭᠠᠷᠠᠭᠤᠯᠤᠨ ᠭᠠᠷᠭᠠᠬᠤ ᠪᠣᠯᠤᠨ᠎ᠠ ᠃

        ᠣᠶᠢᠷ᠎ᠠ ᠶ᠋ᠢᠨ ᠵᠢᠯ ᠳ᠋ᠦ ᠂ ᠰᠡᠯᠡᠭᠦᠴᠡᠨ ᠵᠣᠭᠠᠴᠠᠬᠣ ᠠᠶᠠᠯᠠᠯ ‍ᠤᠨ ᠬᠣᠷᠴᠢᠨ ‍ᠤ 500 ᠺᠢᠯᠣᠮᠧᠲ᠋ᠷ ‍ᠦᠨ ᠦᠵᠡᠮᠵᠢ ᠶ᠋ᠢᠨ ᠵᠠᠮ ᠢᠶᠠᠷ ᠬᠣᠷᠴᠢᠨ ‍ᠤ ᠦᠵᠡᠮᠵᠢ ᠂ ᠨᠡᠷᠡᠳᠣ ᠡᠷᠲᠡᠨ ‍ᠦ ᠳᠤᠷᠠᠰᠬᠠᠯ ‍ᠢ ᠴᠣᠭᠴᠠᠯᠠᠬᠤ ᠳ᠋ᠤ ᠤᠬᠠᠭᠤᠯᠬᠤ ᠪᠠ ᠬᠥᠲᠥᠯᠥᠨ ᠵᠢᠯᠣᠭᠣᠳᠬᠤ ᠦᠶ᠋ᠯᠡᠳᠦᠯ ᠦᠵᠡᠭᠦᠯᠵᠦ ᠂ ᠲᠤᠰ ᠤᠳᠠᠭᠠᠨ ‍ᠤ ᠠᠵᠢᠯᠯᠠᠭ᠎ᠠ ᠨᠢ ᠪᠥᠬᠥ ᠤᠯᠤᠰ ᠤᠨ ᠡᠯ᠎ᠡ ᠭᠠᠵᠠᠷ ᠡᠴᠠ ᠢᠷᠡᠭᠰᠡᠨ ᠬᠤᠪᠢ ᠶ᠋ᠢᠨ ᠮᠠᠰᠢᠨ ᠲᠡᠷᠭᠡ ᠂ ᠭᠡᠷᠡᠳᠦ ᠮᠠᠰᠢᠨ ᠲᠡᠷᠭᠡ ᠂ ᠮᠣᠲ᠋ᠣᠷ ᠳᠡᠷᠬᠡᠴᠢᠳ ᠬᠣᠷᠴᠢᠨ ‍ᠤ 500 ᠺᠢᠯᠣᠮᠧᠲ᠋ᠷ ‍ᠦᠨ ᠦᠵᠡᠮᠵᠢ ᠶ᠋ᠢᠨ ᠵᠠᠮ ‍ᠤᠨ ᠭᠣᠶᠣ ᠰᠠᠶᠢᠬᠠᠨ ‍ᠢ ᠰᠣᠨᠢᠷᠬᠠᠬᠣ ᠪᠣᠯᠣᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ