ᠬᠣᠰᠢᠭᠤᠨ ‍ᠤ ᠳᠣᠯᠣᠳᠤᠭᠠᠷ ᠬᠤᠭᠤᠴᠠᠭᠠᠨ ‍ᠤ ᠡᠯᠡᠰᠦ ᠮᠠᠩᠬᠠᠨ ᠤ ᠦᠨᠳᠦᠰᠦᠲᠡᠨ ‍ᠦ ᠬᠠᠮᠳᠣ ᠶ᠋ᠢᠨ ᠬᠤᠷᠢᠮ ᠤᠨ ᠶᠣᠰᠣᠯᠠᠯ ᠶᠠᠪᠣᠭᠳᠠᠭᠰᠠᠨ

ᠣᠩᠰᠢᠭᠰᠠᠨ ᠤᠳᠠᠭ᠎ᠠ ᠄ 2807     ᠨᠡᠶᠢᠳᠡᠯᠡᠭᠰᠡᠨ ᠴᠠᠭ ᠄ 2019/6/12 17:14:52

 

         6 ᠳ᠋ᠣᠭᠠᠷ ᠰᠠᠷ᠎ᠠ ᠶ᠋ᠢᠨ 11 ‍ᠤ ᠡᠳᠦᠷ ᠂ ᠬᠣᠰᠢᠭᠤᠨ ‍ᠤ ᠳᠣᠯᠣᠳᠤᠭᠠᠷ ᠬᠤᠭᠤᠴᠠᠭᠠᠨ ‍ᠤ ᠡᠯᠡᠰᠦ ᠮᠠᠩᠬᠠᠨ ᠤ ᠦᠨᠳᠦᠰᠦᠲᠡᠨ ‍ᠦ ᠬᠠᠮᠲᠤ ᠶ᠋ᠢᠨ ᠬᠤᠷᠢᠮ ᠤᠨ ᠶᠣᠰᠣᠯᠠᠯ ᠪᠣᠭᠳᠣ ᠡᠯᠡᠰᠦ ᠮᠠᠩᠬᠠᠨ ᠤ ᠵᠤᠭᠠᠴᠠᠯ ‍ᠤᠨ ᠣᠷᠣᠨ ᠳ᠋ᠤ ᠶᠠᠪᠤᠭᠳᠠᠵᠤ ᠂ 100 ᠬᠣᠣᠰ ᠠᠮᠠᠷᠠᠭ ᠮᠣᠩᠭᠣᠯ ᠦᠨᠳᠦᠰᠦᠲᠡᠨ ‍ᠦ ᠤᠯᠠᠮᠵᠢᠯᠠᠯᠲᠤ ᠬᠤᠷᠢᠮ ᠤᠨ ᠶᠣᠰᠣᠯᠠᠯ ᠳᠣᠣᠷ᠎ᠠ ᠂ ᠠᠷᠢᠭᠣᠨ ᠰᠠᠢᠬᠠᠨ ᠬᠠᠶᠢᠷ᠎ᠠ ᠰᠡᠳᠬᠢᠯᠭᠡ ᠪᠡᠨ ᠡᠯᠡᠰᠦᠨ ᠴᠦᠯ ‍ᠦᠨ ᠴᠡᠴᠡᠭ ‍ᠤᠨ ᠳᠠᠯᠠᠢ ᠳ᠋ᠤ ᠳᠡᠯᠭᠡᠷᠡᠭᠦᠯᠪᠡ ᠃

         ᠬᠠᠮᠲᠤ ᠶ᠋ᠢᠨ ᠬᠤᠷᠢᠮ ‍ᠤᠨ ᠲᠤᠬᠠᠢ ᠶ᠋ᠢᠨ ᠲᠠᠯᠠᠪᠤᠷ ᠲᠦ ᠂ ᠮᠤᠩᠭᠤᠯ ᠢᠶᠠᠷ ᠢᠶᠡᠨ ᠭᠤᠶᠤᠯᠠᠭᠰᠠᠨ ᠵᠠᠭᠤᠨ ᠬᠤᠤᠰ ᠠᠮᠠᠷᠠᠭ ᠬᠠᠲᠠᠭ ᠡᠷᠬᠦᠨ ᠂ ᠤᠯᠪᠤᠭ ᠳᠡᠪᠢᠰᠭᠡᠷ ᠳᠡᠭᠡᠭᠦᠷ ᠠᠯᠬᠣᠨ ᠂ ᠴᠡᠴᠡᠭᠲᠦ ᠡᠭᠦᠳᠡ ᠪᠡᠷ ᠦᠩᠭᠡᠷᠡᠵᠦ ᠂ ᠬᠠᠶᠢᠷ᠎ᠠ ᠶ᠋ᠢᠨ ᠪᠡᠯᠭᠡᠳᠡᠯᠲᠦ ᠪᠦᠭᠡᠵᠢ ᠰᠤᠯᠢᠯᠴᠠᠵᠠᠭᠠᠭᠰᠠᠨ ᠪᠠᠶᠢᠨ᠎ᠠ ᠃ ᠪᠠᠶᠢᠰᠢᠩᠳᠣ ᠪᠠᠯᠭᠠᠰᠤᠨ ‍ᠤ ᠪᠠᠶ ᠲᠢᠩ ᠲᠢᠩ ᠡᠷᠡᠭᠳᠡᠢ ᠨᠥᠬᠥᠷ ᠲᠡᠶ ᠪᠡᠨ ᠥᠨᠥᠳᠥᠷ ᠡᠯᠡᠰᠦᠨ ᠮᠠᠩᠬᠠᠨ ᠤ ᠬᠠᠮᠲᠤ ᠶ᠋ᠢᠨ ᠬᠤᠷᠢᠮ ᠤᠨ ᠶᠣᠰᠣᠯᠠᠯ ᠳ᠋ᠤ ᠣᠷᠣᠯᠴᠠᠵᠤ ᠂ ᠪᠤᠰᠤᠳ 99 ᠠᠮᠠᠷᠠᠭ ᠬᠣᠣᠰ ᠲᠡᠶ ᠠᠳᠠᠯᠢ ᠪᠡᠷ ᠡᠯᠡᠰᠦᠨ ᠴᠥᠯ ‍ᠦᠨ ᠬᠤᠷᠢᠮ ‍ᠢ ᠪᠡᠶᠡᠴᠢᠯᠡᠨ ᠥᠩᠭᠡᠷᠡᠭᠦᠯᠦᠭᠰᠡᠨ ᠨᠢ ᠂ ᠲᠡᠭᠦᠨ ᠳ᠋ᠥ ᠠᠪᠴᠤ ᠬᠡᠯᠡᠪᠡᠯ ᠪᠠᠰᠠ ᠴᠤ ᠮᠠᠷᠲᠠᠭᠳᠠᠰᠢ ᠦᠭᠡᠢ ᠨᠢᠭᠡ ᠤᠳᠠᠭᠠᠨ ‍ᠤ ᠥᠩᠭᠡᠷᠡᠯᠲᠡ ᠪᠣᠯᠬᠤ ᠶᠤᠮ ᠃ ᠪᠠᠶ ᠲᠢᠩ ᠲᠢᠩ ᠶᠠᠷᠢᠭᠰᠠᠨ ᠨᠢ ᠄  ᠡᠨᠡ ᠬᠦ ᠬᠤᠷᠢᠮ ᠤᠨ ᠶᠣᠰᠣᠯᠠᠯ ᠳ᠋ᠤ ᠣᠷᠣᠯᠴᠠᠭᠰᠠᠨ ᠨᠢ ᠮᠠᠰᠢ ᠤᠳᠬ᠎ᠠ ᠠᠭᠣᠯᠭ᠎ᠠ ᠲᠠᠢ ᠰᠠᠨᠠᠭᠳᠠᠵᠤ ᠪᠠᠶᠢᠨ᠎ᠠ ᠂ ᠮᠢᠨᠦ ᠪᠤᠳᠤᠬᠤ ᠪᠠᠷ ᠡᠨᠡ ᠬᠦ ᠠᠵᠢᠯᠯᠠᠭ᠎ᠠ ᠳ᠋ᠤ ᠣᠷᠣᠯᠴᠠᠬᠤ ᠨᠢ ᠮᠠᠰᠢ ᠶᠡᠬᠡ ᠦᠨ᠎ᠡ ᠴᠠᠨ᠎ᠠ ᠲᠠᠢ ᠃ ᠡᠨᠡ ᠵᠠᠭᠤᠨ ᠬᠥᠮᠦᠨ ‍ᠦ ᠬᠤᠷᠢᠮ ᠨᠢ ᠰᠢᠨ᠎ᠡ ᠮᠠᠶᠢᠭ ‍ᠤᠨ ᠬᠤᠷᠢᠮ ᠪᠠᠶᠢᠵᠣ ᠂ ᠣᠯᠠᠨ ᠢᠶᠠᠷ ᠢᠶᠡᠨ ᠮᠠᠰᠢ ᠪᠠᠶᠠᠷ ᠬᠥᠷ ᠲᠠᠢ ᠦᠩᠭᠡᠷᠡᠭᠦᠯᠵᠣ ᠪᠠᠶᠢᠨ᠎ᠠ ᠃

        ᠮᠣᠩᠭᠣᠯ ᠦᠨᠳᠦᠰᠦᠲᠡᠨ ‍ᠦ ᠤᠯᠠᠮᠵᠢᠯᠠᠯᠲᠤ ᠬᠤᠷᠢᠮ ᠤᠨ ᠶᠣᠰᠣᠯᠠᠯ ‍ᠤᠨ ᠳᠤᠲᠠᠭᠳᠠᠵᠤ ᠪᠣᠯᠣᠰᠢ ᠦᠭᠡᠢ ᠭᠣᠭᠴᠣᠭ᠎ᠠ ᠪᠣᠯ ᠲᠠᠭᠣᠯᠠᠵᠣ ᠣᠶᠠᠩᠭᠠᠯᠠᠬᠣ ᠪᠣᠯᠤᠨ᠎ᠠ ᠃ ᠬᠤᠷᠢᠮ ᠤᠨ ᠶᠣᠰᠣᠯᠠᠯ ‍ᠤᠨ ᠲᠤᠬᠠᠢ ‍ᠢᠢᠨ ᠲᠠᠯᠠᠪᠠᠢ ᠳ᠋ᠤ ᠂ ᠢᠷᠠᠭᠤ ᠰᠠᠶᠢᠬᠠᠨ ᠮᠣᠩᠭᠣᠯ ᠢᠷᠦᠭᠡᠯ ᠨᠢ ᠠᠮᠠᠷᠠᠭ ᠬᠣᠣᠰ ‍ᠦᠨ ᠢᠨᠠᠭ ᠳᠤᠷᠠᠯᠠᠯ ᠪᠣᠯᠤᠨ ᠵᠣᠯ ᠵᠢᠷᠭᠠᠯᠲᠤ ᠢᠷᠡᠭᠡᠳᠦᠢ ᠶ᠋ᠢᠨ ᠲᠤᠬᠠᠢ ᠵᠥᠩᠨᠡᠯ ‍ᠢ ᠠᠴᠢᠶᠠᠯᠠᠵᠤ ᠪᠠᠶᠢᠳᠠᠭ ᠃

          ᠲᠤᠰ ᠤᠳᠠᠭᠠᠨ ‍ᠤ ᠠᠵᠢᠯᠯᠠᠭ᠎ᠠ ᠶ᠋ᠢ ᠬᠣᠰᠢᠭᠤᠨ ᠤ ᠠᠷᠠᠳ ‍ᠤᠨ ᠵᠠᠰᠠᠭ ᠤᠨ ᠣᠷᠳᠣᠨ ᠡᠴᠠ ᠭᠣᠤᠯᠯᠠᠨ ᠡᠷᠬᠢᠯᠡᠵᠦ ᠂ ᠬᠣᠰᠢᠭᠤᠨ ‍ᠤ ᠡᠪ ᠬᠠᠮᠲᠤ ᠵᠠᠯᠠᠭᠤᠴᠤᠳ ᠤᠨ ᠡᠪᠯᠡᠯ ᠡᠴᠡ ᠲᠠᠭᠠᠴᠢᠯᠠᠨ ᠡᠷᠬᠢᠯᠡᠭᠰᠡᠨ ᠪᠠᠶᠢᠨ᠎ᠠ ᠃ ᠡᠯᠡᠰᠦᠨ ᠮᠠᠩᠬᠠᠨ ᠤ ᠦᠨᠳᠦᠰᠦᠲᠡᠨ ‍ᠦ ᠬᠠᠮᠲᠤ ᠶ᠋ᠢᠨ ᠬᠤᠷᠢᠮ ᠤᠨ ᠶᠣᠰᠣᠯᠠᠯ ᠨᠢ ᠪᠦᠬᠦᠶᠢᠯᠡ ᠠᠮᠠᠷᠠᠭ ᠬᠣᠣᠰ ᠲᠣ ᠮᠣᠩᠭᠣᠯ ᠦᠨᠳᠦᠰᠦᠲᠡᠨ ‍ᠦ ᠤᠯᠠᠮᠵᠢᠯᠠᠯᠲᠤ ᠬᠤᠷᠢᠮ ᠤᠨ ᠶᠣᠰᠣᠯᠠᠯ ‍ᠤᠨ ᠥᠪᠡᠷᠮᠢᠴᠡ ᠷᠢᠳᠢ ᠰᠢᠳᠢ ᠶ᠋ᠢ ᠣᠶᠢᠯᠠᠭᠠᠭᠣᠯᠵᠣ ᠂ ᠲᠤᠬᠠᠢ ‍ᠢᠢᠨ ᠲᠠᠯᠠᠪᠠᠢ ᠳ᠋ᠤ ᠡᠯ᠎ᠡ ᠭᠠᠵᠠᠷ ᠡᠴᠠ ᠢᠷᠡᠭᠰᠡᠨ 100 ᠬᠣᠣᠰ ᠵᠣᠯ ᠵᠢᠷᠭᠠᠯᠲᠤ ᠠᠮᠠᠷᠠᠭ ᠬᠣᠣᠰ ᠣᠷᠣᠯᠴᠠᠵᠤ ᠂ ᠡᠭᠦᠨ ‍ᠦ ᠳᠣᠲᠣᠷ᠎ᠠ ᠪᠠᠰᠠ ᠨᠠᠢᠮᠠᠨ ᠤ ᠵᠠᠯᠠᠭᠤᠴᠤᠳ ᠤᠨ ᠬᠣᠰᠢᠭᠣᠴᠢ ᠵᠢᠱᠢᠶᠠᠴᠢ ᠂ ᠬᠠᠮᠤᠭ ‍ᠤᠨ ᠬᠦᠭᠡᠷᠦᠭᠦᠨ ᠭᠡᠷ ᠪᠦᠯᠢ ᠶ᠋ᠢᠨ ᠲᠥᠯᠥᠭᠡᠯᠡᠭᠴᠢ ᠵᠡᠷᠭᠡ ᠣᠷᠣᠯᠴᠠᠭᠰᠠᠨ ᠪᠠᠶᠢᠨ᠎ᠠ ᠃ ᠬᠣᠰᠢᠭᠤᠨ ‍ᠤ ᠡᠪ ᠬᠠᠮᠲᠤ ᠵᠠᠯᠠᠭᠤᠴᠤᠳ ᠤᠨ ᠡᠪᠯᠡᠯ ᠤᠨ ᠳᠡᠳ᠋ ᠱᠦᠵᠢ ᠸᠠᠩ ᠹᠠᠨ ᠄ ᠲᠤᠰ ᠤᠳᠠᠭᠠᠨ ‍ᠤ ᠡᠯᠡᠰᠦ ᠮᠠᠩᠬᠠᠨ ᠤ ᠬᠠᠮᠲᠤ ᠶ᠋ᠢᠨ ᠬᠤᠷᠢᠮ ᠪᠣᠯ ᠮᠠᠨ ‍ᠤ ᠡᠪ ᠬᠠᠮᠲᠤ ᠵᠠᠯᠠᠭᠤᠴᠤᠳ ᠤᠨ ᠡᠪᠯᠡᠯ ᠡᠴᠡ ᠡᠷᠭᠢᠯᠡᠭᠰᠡᠨ ᠳᠣᠯᠣᠳᠤᠭᠠᠷ ᠬᠤᠭᠤᠴᠠᠭᠠᠨ ‍ᠤ ᠡᠯᠡᠰᠦᠨ ᠮᠠᠩᠬᠠᠨ ᠤ ᠬᠠᠮᠲᠤ ᠶ᠋ᠢᠨ ᠬᠤᠷᠢᠮ ᠪᠣᠯᠤᠨ᠎ᠠ ᠂ ᠪᠢᠳᠡ ᠬᠠᠮᠲᠤ ᠶ᠋ᠢᠨ ᠬᠤᠷᠢᠮ ᠤᠨ ᠶᠣᠰᠣᠯᠠᠯ ᠢᠶᠠᠷ ᠳᠠᠮᠵᠢᠭᠤᠯᠤᠨ ᠥᠷᠭᠡᠨ ᠣᠯᠠᠨ ᠵᠠᠯᠠᠭᠤᠴᠤᠳ ‍ᠢ ᠵᠢᠯᠣᠭᠣᠳᠴᠤ ᠂ ᠪᠣᠯᠪᠠᠰᠤᠨ ᠰᠢᠨ᠎ᠡ ᠬᠡᠪ ᠰᠤᠷᠲᠠᠯ ‍ᠢ ᠪᠤᠢ ᠪᠣᠯᠭᠠᠬᠣ ᠶ᠋ᠢ ᠰᠠᠨᠠᠭᠠᠴᠢᠯᠠᠭᠰᠠᠨ ᠪᠠᠶᠢᠨ᠎ᠠ ᠃ ᠡᠭᠦᠨ ‍ᠦ ᠬᠠᠮᠲᠤ ᠲᠤᠰ ᠣᠳᠠᠭᠠᠨ ᠤ ᠡᠯᠡᠰᠦ ᠮᠠᠩᠬᠠᠨ ᠤ ᠬᠠᠮᠲᠤ ᠶ᠋ᠢᠨ ᠬᠤᠷᠢᠮ ᠤᠨ ᠶᠣᠰᠣᠯᠠᠯ ᠳ᠋ᠤ ᠂ ᠪᠢᠳᠡ ᠪᠠᠰᠠ ᠵᠠᠯᠠᠭᠣ ᠵᠢᠱᠢᠶᠡᠴᠢ ᠂ ᠲᠣᠰᠬᠣᠨ ᠳ᠋ᠤ ᠰᠠᠭᠤᠭ᠎ᠠ ᠰᠢᠯᠢᠳᠡᠭ ᠵᠠᠯᠠᠭᠣ ᠺᠠᠳ᠋ᠷ ‍ᠢ ᠤᠷᠢᠵᠤ ᠂ ᠰᠢᠨ᠎ᠡ ᠳᠤᠮᠳᠠᠳᠤ ᠤᠯᠤᠰ ᠪᠠᠶᠢᠭᠣᠯᠣᠭᠳᠠᠭᠰᠠᠨ 70 ᠵᠢᠯ ‍ᠦᠨ ᠣᠢ ᠶ᠋ᠢ ᠪᠡᠯᠭᠡᠯᠡᠬᠦ ᠲᠠᠰᠢᠷᠠᠮ ᠢᠶᠠᠷ ᠂ ᠥᠷᠭᠡᠨ ᠤᠯᠠᠨ ᠵᠠᠯᠠᠭᠤᠴᠤᠳ ᠰᠢᠯᠢᠳᠡᠭ ᠵᠠᠯᠠᠭᠣ ᠵᠢᠱᠢᠶᠡᠴᠢ ᠪᠡᠷ ᠬᠡᠪ ᠳᠠᠭᠤᠷᠢᠶᠠᠯ ᠪᠣᠯᠭᠠᠨ ᠂ ᠨᠠᠢᠮᠠᠨ ᠤ ᠪᠦᠳᠦᠭᠡᠨ ᠪᠠᠶᠢᠭᠣᠯᠣᠯᠳᠠ ᠳ᠋ᠥ ᠬᠦᠴᠦᠨ ᠴᠢᠳᠠᠯ ᠢᠶᠡᠨ ᠡᠷᠭᠦᠬᠦ ᠶ᠋ᠢ ᠬᠦᠰᠡᠵᠦ ᠪᠠᠶᠢᠨ᠎ᠠ᠃

        ᠲᠣᠰ ᠣᠳᠠᠭᠠᠨ ᠤ ᠬᠠᠮᠳᠣ ᠶ᠋ᠢᠨ ᠬᠣᠷᠢᠮ ᠨᠢ ᠬᠣᠰᠢᠭᠣᠨ ᠤ ᠲᠣᠳᠣᠨ᠎ᠠ ᠭᠠᠳᠠᠨᠠᠬᠢ ᠦᠷᠭᠡᠨ ᠣᠯᠠᠨ ᠭᠡᠷᠡᠯ ᠵᠢᠷᠤᠭᠴᠢᠳ ‍ᠢ ᠲᠠᠳᠠᠨ ᠠᠪᠴᠢᠷᠠᠵᠣ ᠂ ᠲᠡᠳᠡ ᠨᠠᠷ ᠤᠨ ᠭᠠᠷ ᠳ᠋ᠡᠬᠢ ᠭᠡᠷᠡᠯ ᠵᠢᠷᠣᠭ ᠤᠨ ᠮᠠᠰᠢᠨ ᠢᠶᠠᠷ ᠠᠮᠠᠷᠠᠭ ᠬᠣᠣᠰ ᠤᠳ ᠤᠨ ᠵᠣᠯ ᠵᠢᠷᠭᠠᠯᠳᠣ ᠴᠠᠭ ᠮᠦᠴᠡ ᠵᠢ ᠲᠣᠷᠠᠰᠬᠠᠨ ᠦᠯᠡᠳᠡᠭᠡᠭᠰᠡᠨ ᠪᠠᠶᠢᠨ᠎ᠠ ᠃ ᠪᠡᠭᠡᠵᠢᠩ ‍ᠦᠨ ᠭᠡᠷᠡᠯ ᠵᠢᠷᠤᠭᠴᠢᠨ ᠯᠢᠦ ᠵᠢᠶ ᠸᠸᠨ ᠄ ᠲᠣᠰ ᠬᠣᠷᠢᠮ ᠤᠨ ᠶᠣᠰᠣᠯᠠᠯ ᠨᠢ ᠬᠡᠯᠪᠡᠷᠢ ᠶ᠋ᠢᠨ ᠲᠠᠯ᠎ᠠ ᠂ ᠠᠭᠤᠯᠭ᠎ᠠ ᠶ᠋ᠢᠨ ᠲᠠᠯ᠎ᠠ ᠪᠠᠷ ᠭᠡᠷᠡᠯ ᠵᠢᠷᠤᠭ ‍ᠤᠨ ᠵᠣᠬᠢᠶᠠᠨ ᠪᠦᠲᠦᠭᠡᠯᠭᠡ ᠳ᠋ᠥ ᠮᠠᠰᠢ ᠰᠠᠶᠢᠨ ᠮᠠᠲ᠋ᠸᠷᠢᠶᠠᠯ  ᠬᠠᠩᠭᠠᠭᠰᠠᠨ ᠪᠠᠶᠢᠨ᠎ᠠ ᠃

       ᠣᠶᠢᠷ᠎ᠠ ᠶ᠋ᠢᠨ ᠵᠢᠯ ᠳ᠋ᠦ ᠂ ᠮᠠᠨ ‍ᠤ ᠬᠣᠰᠢᠭᠤ ᠳᠣᠯᠣᠭᠠᠨ ᠬᠤᠭᠤᠴᠠᠭᠠᠨ ‍ᠤ ᠡᠯᠡᠰᠦ ᠮᠠᠩᠬᠠᠨ ᠤ ᠦᠨᠳᠦᠰᠦᠲᠡᠨ ‍ᠦ ᠬᠠᠮᠲᠤ ᠶ᠋ᠢᠨ ᠬᠤᠷᠢᠮ ᠤᠨ ᠶᠣᠰᠣᠯᠠᠯ ᠡᠷᠬᠢᠯᠡᠵᠦ ᠂ ᠰᠢᠨ᠎ᠡ ᠶ᠋ᠢ ᠡᠭᠦᠳᠬᠦ ᠂ ᠵᠣᠬᠢᠴᠠᠩᠭᠤᠶ ᠂ ᠪᠣᠬᠢᠷᠲᠤᠯ ᠥᠬᠡᠶ ᠂ ᠨᠡᠭᠡᠭᠡᠯᠲᠡ ᠲᠡᠶ ᠂ ᠬᠠᠮᠲᠤ ᠪᠠᠷ ᠡᠳ᠋ᠯᠡᠬᠦ ᠂ ᠬᠥᠭᠵᠢᠯᠲᠡ ᠶ᠋ᠢᠨ ᠣᠶᠢᠯᠭᠠᠭᠳᠠᠬᠣᠨ ‍ᠢ ᠵᠢᠷᠤᠮᠯᠠᠨ ᠂ ᠦᠨᠳᠦᠰᠦᠲᠡᠨ ‍ᠦ ᠬᠠᠮᠲᠤ ᠶ᠋ᠢᠨ ᠬᠤᠷᠢᠮ  ᠤᠨ ᠶᠣᠰᠣᠯᠠᠯ ᠡᠷᠬᠢᠯᠡᠬᠦ ᠪᠡᠷ ᠳᠠᠮᠵᠢᠭᠤᠯᠤᠨ ᠂ ᠵᠠᠯᠠᠭᠤ ᠨᠢᠭᠡ ᠦᠶ᠎ᠡ ᠶ᠋ᠢᠨ ᠬᠢᠨ ‍ᠦ ᠳᠤᠮᠳᠠ ᠣᠷᠴᠢᠨ ᠠᠬᠤᠶ ᠶ᠋ᠢ ᠬᠠᠮᠠᠭᠠᠯᠠᠬᠤ ᠦᠵᠡᠯ ᠤᠬᠠᠮᠰᠠᠷ ᠂ ᠪᠠᠶᠠᠷᠲᠤ ᠬᠡᠷᠡᠭ ᠶᠠᠪᠤᠳᠠᠯ ‍ᠢ ᠰᠢᠨ᠎ᠡ ᠪᠡᠷ ᠡᠷᠬᠢᠯᠡᠬᠦ ᠣᠶᠢᠯᠭᠠᠭᠳᠠᠬᠣᠨ ‍ᠢ ᠰᠠᠨᠠᠭᠠᠴᠢᠯᠠᠵᠤ ᠂ ᠪᠣᠬᠢᠷᠲᠤᠯ ᠥᠬᠡᠶ ᠠᠮᠢ ᠠᠬᠤᠶ ᠣᠷᠴᠢᠨ ᠠᠬᠤᠢ ᠶ᠋ᠢᠨ ᠬᠠᠮᠠᠭᠠᠯᠠᠯᠲᠠ ᠶ᠋ᠢ ᠵᠠᠯᠠᠭᠤ ᠨᠢᠭᠡ ᠦᠶ᠎ᠡ ᠶ᠋ᠢᠨ ᠬᠢᠨ ‍ᠦ ᠰᠡᠳᠬᠢᠯ ᠵᠢᠷᠦᠬᠡᠨ ᠳ᠋ᠦ ᠭᠦᠨ ᠦᠨᠳᠦᠰᠦᠯᠡᠭᠦᠯᠵᠦ ᠂ ᠪᠣᠬᠢᠷᠲᠤᠯ ᠥᠬᠡᠶ ᠦᠵᠡᠰᠬᠦᠯᠡᠩᠲᠦ ᠰᠠᠶᠢᠬᠠᠨ ᠰᠢᠨ᠎ᠡ ᠴᠠᠭ ᠦᠶ᠎ᠡ ᠶ᠋ᠢᠨ ᠤᠯᠤᠰ ‍ᠢ ᠪᠦᠲᠦᠭᠡᠨ ᠪᠠᠶᠢᠭᠤᠯᠬᠤ ᠶ᠋ᠢᠨ ᠲᠥᠯᠥᠭᠡ ᠬᠦᠴᠦᠨ ᠴᠢᠳᠠᠯ ᠢᠶᠡᠨ ᠡᠷᠭᠦᠬᠦ ᠰᠠᠨᠠᠭᠠᠴᠢᠯᠠᠵᠣ ᠂ ᠣᠳᠣᠬᠠᠨ ᠳ᠋ᠥ ᠡᠯᠡᠰᠦ ᠮᠠᠩᠬᠠᠨ ᠤ ᠦᠨᠳᠦᠰᠦᠲᠡᠨ ‍ᠦ ᠬᠠᠮᠲᠤ ᠶ᠋ᠢᠨ ᠬᠤᠷᠢᠮ ᠨᠢ ᠨᠢᠭᠡᠨᠲᠡ ᠨᠠᠶ᠋ᠮᠠᠨ ᠬᠣᠰᠢᠭᠤᠨ ‍ᠤ ᠬᠤᠷᠢᠮ ᠨᠠᠶᠢᠷ ‍ᠤᠨ ᠨᠢᠭᠡ ᠬᠡᠰᠡᠭ ᠪᠣᠯᠵᠤ ᠂ ᠨᠠᠶ᠋ᠮᠠᠨ ᠬᠣᠰᠢᠭᠤᠨ ‍ᠤ ᠦᠨᠳᠦᠰᠦᠲᠡᠨ ‍ᠦ ᠲᠠᠯ᠎ᠠ ᠨᠤᠲᠤᠭ ‍ᠤᠨ ᠬᠤᠷᠢᠮ ᠤᠨ ᠶᠣᠰᠣᠯᠠᠯ ᠲᠠᠶ ᠬᠠᠮᠲᠤ ᠪᠠᠷ 《 ᠨᠠᠶ᠋ᠮᠠᠨ ᠬᠣᠰᠢᠭᠤᠨ ‍ᠤ ᠬᠤᠷᠢᠮ ᠤᠨ ᠶᠣᠰᠣᠯᠠᠯ 》 ᠭᠡᠬᠦ ᠰᠣᠶᠣᠯ ‍ᠤᠨ ᠨᠠᠷᠠᠲᠤ ᠲᠡᠮᠳᠡᠭ ‍ᠢ ᠪᠦᠷᠢᠯᠳᠦᠭᠦᠯᠵᠦ ᠂ ᠬᠣᠰᠢᠭᠤᠨ ‍ᠤ 2019 ᠣᠨ ᠤ ᠠᠷᠪᠠᠨ ᠶᠡᠬᠡ ᠰᠣᠶᠣᠯ ᠵᠢᠭᠤᠯᠴᠢᠯᠠᠯ ‍ᠤᠨ ᠰᠢᠷᠢᠰ ᠠᠵᠢᠯᠯᠠᠭ᠎ᠠ ᠶ᠋ᠢᠨ ᠨᠢᠭᠡ ᠨᠢ ᠪᠣᠯᠤᠭᠰᠠᠨ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ