ᠦᠪᠦᠷ ᠮᠣᠩᠭᠣᠯ ᠤᠨ ᠭᠣᠷᠪᠠᠳᠣᠭᠠᠷ ᠬᠣᠭᠣᠴᠠᠭᠠᠨ ᠤ ᠡᠯᠡᠰᠦᠨ ᠳ᠋ᠡᠬᠢ ᠨᠠᠭᠠᠳᠣᠮ

ᠣᠩᠰᠢᠭᠰᠠᠨ ᠤᠳᠠᠭ᠎ᠠ ᠄ 456     ᠨᠡᠶᠢᠳᠡᠯᠡᠭᠰᠡᠨ ᠴᠠᠭ ᠄ 2019/6/11 19:08:33


       6 ᠰᠠᠷ᠎ᠠ ᠶ᠋ᠢᠨ 8 ᠤ ᠡᠳᠦᠷ ᠂ ᠦᠪᠦᠷ ᠮᠣᠩᠭᠣᠯ ᠤᠨ  ᠭᠣᠷᠪᠠᠳᠣᠭᠠᠷ ᠬᠣᠭᠣᠴᠠᠭᠠᠨ ᠤ ᠡᠯᠡᠰᠦᠨ ᠳ᠋ᠡᠬᠢ ᠨᠠᠭᠠᠳᠣᠮ ᠤᠨ ᠡᠬᠢᠯᠡᠯᠳᠡ ᠶ᠋ᠢᠨ ᠶᠣᠰᠣᠯᠠᠯ ᠨᠠᠢᠮᠠᠨ ᠬᠣᠰᠢᠭᠣᠨ ᠤ ᠪᠣᠭᠳᠣ ᠡᠯᠡᠰᠦᠨ ᠤ ᠵᠣᠭᠣᠴᠠᠯ ᠤᠨ ᠣᠷᠣᠨ ᠳ᠋ᠥ ᠶᠠᠪᠣᠭᠳᠠᠵᠠᠢ ᠃ ᠡᠬᠢᠯᠡᠯᠳᠡ ᠶ᠋ᠢᠨ ᠶᠣᠰᠣᠯᠠᠯ ᠳ᠋ᠥ ᠪᠠᠷ ᠵᠢᠷᠣᠭ ᠤᠨ ᠡᠩᠨᠡᠭᠡ ᠂ ᠮᠣᠩᠭᠣᠯ ᠡᠮ ᠡᠮᠨᠡᠯᠭᠡ ᠶ᠋ᠢᠨ ᠡᠩᠨᠡᠭᠡ ᠂ ᠲᠦᠷᠪᠡᠨ ᠣᠳᠠᠰᠳᠣ ᠬᠣᠭᠣᠷ ᠤᠳ ᠡᠩᠨᠡᠭᠡ ᠵᠡᠷᠭᠡ 26 ᠡᠩᠨᠡᠭᠡ ᠵᠢ ᠵᠢᠭᠰᠠᠭᠠᠨ ᠣᠷᠣᠯᠴᠠᠵᠣ ᠂ ᠣᠷᠣᠨ ᠨᠣᠳᠣᠭ ᠤᠨ ᠦᠪ ᠰᠣᠶᠣᠯᠯ ᠤᠨ ᠣᠨᠴᠠᠯᠢᠭ ᠪᠣᠯᠣᠨ ᠨᠡᠶᠢᠭᠡᠮ ᠠᠵᠣ ᠠᠬᠣᠢ ᠶ᠋ᠢᠨ ᠬᠦᠭᠵᠢᠯᠳᠡ ᠶ᠋ᠢᠨ ᠪᠠᠶᠢᠳᠠᠯ ‍ᠢ ᠬᠠᠷᠠᠭᠣᠯᠣᠭᠰᠠᠨ ᠪᠠᠶᠢᠨ᠎ᠠ ᠃

       ᠣᠶᠢᠷ᠎ᠠ ᠶ᠋ᠢᠨ ᠵᠢᠯ ᠡᠴᠡ ᠨᠠᠰᠢ ᠂ ᠮᠠᠨ ᠤ ᠬᠣᠰᠢᠭᠣ ᠪᠡᠭᠡᠵᠢᠩ ᠂ ᠲᠢᠠᠨᠵᠢᠨ ᠂ ᠡᠾᠸᠪᠸᠢ ᠂ ᠵᠡᠭᠦᠨ ᠬᠣᠶᠢᠳᠣ ᠣᠷᠣᠨ ᠂ ᠴᠢᠨᠠᠭᠰᠢᠯᠠᠨ ᠪᠦᠬᠦ ᠣᠯᠣᠰ ᠤᠨ ᠵᠣᠭᠠᠴᠠᠭᠰᠠᠳ ᠤᠨ ᠰᠡᠯᠡᠭᠦᠴᠡᠨ ᠵᠣᠭᠠᠴᠠᠬᠣ ᠴᠢᠬᠣᠯᠠ ᠣᠷᠣᠨ ‍ᠢ ᠪᠠᠶᠢᠭᠣᠯᠬᠣ ᠪᠡᠷ ᠃ ᠪᠣᠭᠳᠣ ᠡᠯᠡᠰᠦᠨ ᠴᠦᠯ ᠢᠶᠡᠨ ᠭᠣᠣᠯᠳᠠᠯᠭ᠎ᠠ ᠪᠣᠯᠭᠠᠨ ᠂ ᠨᠣᠭᠣ ᠭᠠᠵᠠᠷ ᠪᠣᠯᠣᠨ ᠪᠣᠭᠳᠣᠷ ᠣᠳᠠ ᠂ ᠨᠠᠢᠮᠠᠨ ᠤ ᠸᠠᠩ ᠤᠨ ᠣᠷᠳᠣᠨ ᠪᠣᠯᠣᠨ ᠪᠠᠷ ᠵᠢᠷᠣᠭ ᠢᠶᠡᠨ ᠵᠢᠭᠦᠷ ᠪᠣᠯᠭᠠᠵᠣ ᠂ ᠬᠣᠶᠢᠳᠣ ᠬᠡᠰᠡᠭ ᠤᠨ ᠪᠠᠶᠢᠭᠠᠯᠢ ᠠᠮᠢ ᠠᠬᠣᠢ ᠶ᠋ᠢᠨ ᠵᠣᠭᠠᠴᠠᠯ ᠤᠨ ᠴᠡᠭ ᠪᠠ ᠡᠮᠦᠨ᠎ᠡ ᠬᠡᠰᠡᠭ ᠤᠨ ᠠᠭᠣᠯᠠᠷᠬᠠᠭ ᠭᠠᠵᠠᠷ ᠤᠨ ᠰᠡᠯᠡᠭᠦᠴᠡᠨ ᠵᠣᠭᠠᠴᠠᠬᠣ ᠴᠡᠭ ‍ᠢ ᠡᠷᠴᠢᠮᠲᠠᠢ ᠬᠦᠭᠵᠢᠭᠦᠯᠵᠣ ᠂ ᠲᠦᠩᠯᠢᠶᠠᠣᠣ ᠬᠣᠳᠠ ᠶ᠋ᠢᠨ 500 ᠺᠢᠯᠣᠮᠸᠲ᠋ᠷ ᠤᠨ ᠰᠣᠶᠣᠯ ᠵᠣᠭᠠᠴᠠᠯ ᠤᠨ ᠦᠵᠡᠮᠵᠢ ᠶ᠋ᠢᠨ ᠵᠠᠮ ᠱᠣᠭᠣᠮ ᠲᠠᠢ ᠢᠳᠡᠪᠬᠢᠲᠠᠢ ᠠᠭᠣᠰᠣᠯᠴᠠᠭᠣᠯᠣᠨ ᠂ ᠲᠣᠳᠣᠭᠠᠳᠣ ᠶ᠋ᠢᠨ ᠵᠣᠭᠠᠴᠠᠭᠰᠠᠳ ᠤᠨ ᠰᠣᠨᠢᠷᠬᠠᠯ ‍ᠢ ᠲᠠᠳᠠᠵᠣ ᠪᠠᠶᠢᠨ᠎ᠠ ᠃ ᠵᠣᠭᠠᠴᠠᠯ ᠤᠨ ᠦᠢᠯᠡᠰ ᠬᠦᠭᠵᠢᠬᠦ ᠵᠢ ᠲᠠᠭᠠᠯᠳᠣᠨ ᠲᠡᠮᠡᠭᠡ ᠨᠢ ᠲᠣᠬᠠᠢ ᠶ᠋ᠢᠨ ᠭᠠᠵᠠᠷ ᠤᠨ ᠮᠠᠯᠴᠢᠨ ᠤᠨ ᠵᠠᠮ ᠬᠠᠷᠢᠯᠴᠠᠭᠠᠨ ᠤ ᠪᠠᠭᠠᠵᠢ ᠪᠠᠶᠢᠭᠰᠠᠨ ᠡᠴᠡ ᠪᠠᠨ ᠣᠳᠣ ᠠᠵᠣ ᠠᠬᠣᠢ ᠶ᠋ᠢᠨ ᠨᠡᠮᠡᠭᠳᠡᠯ ᠤᠨ ᠭᠣᠣᠯ ᠢᠷᠡᠯᠳᠡ ᠪᠣᠯᠵᠣ ᠪᠣᠭᠳᠣ ᠡᠯᠡᠰᠦᠨ ᠴᠦᠯ ᠤᠨ ᠲᠡᠮᠡᠭᠡᠨ ᠵᠢᠩ ᠲᠠᠬᠢᠨᠳᠠ ᠰᠡᠷᠭᠦᠭᠰᠡᠨ ᠪᠠᠶᠢᠨ᠎ᠠ ᠃

       ᠲᠣᠰ ᠣᠳᠠᠭᠠᠨ ᠤ ᠨᠠᠭᠠᠳᠣᠮ ᠨᠢ 11 ᠡᠳᠦᠷ ᠪᠣᠯᠳᠠᠯ᠎ᠠ ᠶᠠᠪᠣᠭᠳᠠᠵᠣ ᠂ ᠦᠨᠳᠦᠰᠦᠳᠡᠨ ᠤ ᠣᠨᠴᠠᠯᠢᠭ ᠡᠷ᠎ᠡ ᠶ᠋ᠢᠨ ᠭᠣᠷᠪᠠᠨ ᠨᠠᠭᠠᠳᠣᠮ ᠡᠴᠡ ᠭᠠᠳᠠᠨ᠎ᠠ ᠂ ᠮᠣᠲ᠋ᠣᠷ ᠲᠡᠷᠭᠡᠨ ᠤ ᠦᠷᠢᠰᠦᠯᠳᠦᠭᠡᠨᠳᠦ ᠣᠷᠣᠯᠳᠣᠭᠠᠨ ᠂ ᠬᠡᠭᠡᠷᠯᠡᠨ ᠲᠠᠪᠬᠢᠬᠣ ᠮᠠᠰᠢᠨ ᠤ ᠪᠠᠷᠳᠠᠭ᠎ᠠ ᠲᠣᠭᠣᠯᠬᠣ ᠣᠷᠣᠯᠳᠣᠭᠠᠨ ᠂ ᠡᠯᠡᠰᠦᠨ ᠳ᠋ᠡᠬᠢ ᠣᠰᠣ ᠰᠦᠷᠴᠢᠬᠦ ᠨᠠᠶᠢᠷ ᠂ ᠡᠯᠡᠰᠦᠨ ᠳ᠋ᠡᠬᠢ ᠬᠠᠮᠳᠣ ᠶ᠋ᠢᠨ ᠬᠣᠷᠢᠮ ᠂ ᠲᠠᠯ᠎ᠠ ᠨᠣᠳᠣᠭ ᠤᠨ ᠬᠣᠷᠢᠮ ᠤᠨ ᠶᠣᠰᠣᠯᠠᠯ ᠵᠡᠷᠭᠡ ᠵᠢ ᠡᠷᠬᠢᠯᠡᠨ ᠲᠣᠳᠣᠭᠠᠳᠣ ᠭᠠᠳᠠᠭᠠᠳᠣ ᠶ᠋ᠢᠨ ᠵᠣᠭᠠᠴᠠᠭᠰᠠᠳ ᠵᠢ ᠲᠠᠳᠠᠨ ᠠᠪᠴᠢᠷᠠᠵᠣ ᠂ ᠨᠠᠢᠮᠠᠨ ᠬᠣᠰᠢᠭᠣᠨ ᠤ ᠦᠪᠡᠷᠮᠢᠴᠡ ᠰᠠᠶᠢᠬᠠᠨ ᠦᠨᠳᠦᠰᠦᠳᠡᠨ ᠤ ᠰᠣᠶᠣᠯ ᠪᠠᠨ ᠭᠠᠶᠢᠬᠠᠭᠣᠯᠣᠭᠰᠠᠨ  ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ