ᠪᠠᠢ ᠬᠠᠰ ‍ᠤᠨ ᠬᠢᠨ ᠠᠵᠢᠯᠴᠢ ᠬᠥᠳᠡᠯᠮᠦᠷᠢᠴᠢ ᠬᠣᠶᠠᠷ ᠭᠠᠷ ᠢᠶᠠᠷ ᠢᠶᠡᠨ ᠶᠠᠳᠠᠭᠤ ᠡᠴᠠ ᠠᠩᠬᠢᠵᠢᠷᠠᠨ ᠪᠠᠶᠠᠵᠢᠨ ᠴᠢᠨᠡᠭᠡᠯᠢᠭᠵᠢᠬᠦ ᠵᠠᠮ ᠢᠶᠠᠷ ᠵᠠᠮᠨᠠᠵᠣ ᠪᠠᠶᠢᠭ᠎ᠠ

ᠣᠩᠰᠢᠭᠰᠠᠨ ᠤᠳᠠᠭ᠎ᠠ ᠄ 631     ᠨᠡᠶᠢᠳᠡᠯᠡᠭᠰᠡᠨ ᠴᠠᠭ ᠄ 2019/5/31 16:58:14

   

      ᠪᠠᠶᠠᠨᠲᠠᠯ᠎ᠠ ᠰᠤᠮᠤ ᠶ᠋ᠢᠨ ᠰᠦᠮ᠎ᠡ ᠶ᠋ᠢᠨ ᠠᠶᠢᠯ ᠲᠣᠰᠬᠣᠨ ‍ᠤ ᠶᠠᠳᠠᠭᠤ ᠬᠦᠴᠢᠷᠳᠡᠯᠲᠡᠶ ᠡᠷᠦᠬᠡ ᠪᠠᠢ ᠬᠠᠰ ‍ᠤᠨ ᠬᠢᠨ ᠤᠯᠤᠰ ᠤᠨ ᠨᠠᠷᠢᠯᠢᠭ ᠣᠨᠣᠪᠴᠢᠲᠠᠢ ᠶᠠᠳᠠᠭᠤ ᠶ᠋ᠢ ᠲᠡᠳᠬᠦᠬᠦ ᠲᠥᠷᠥ ᠶ᠋ᠢᠨ ᠪᠣᠳᠣᠯᠭ᠎ᠠ ᠶ᠋ᠢᠨ ᠲᠡᠮᠵᠢᠯᠭᠡ ᠳᠣᠤᠷ᠎ᠠ ᠂ ᠥᠪᠡᠷ ‍ᠦᠨ ᠠᠵᠢᠯᠴᠢ ᠬᠥᠳᠡᠯᠮᠦᠷᠢᠴᠢ ᠬᠣᠶᠠᠷ ᠭᠠᠷ ᠢᠶᠠᠷ ᠢᠶᠡᠨ ᠶᠠᠳᠠᠭᠤ ᠡᠴᠠ ᠠᠩᠬᠢᠵᠢᠷᠠᠨ ᠪᠠᠶᠠᠵᠢᠨ ᠴᠢᠨᠡᠭᠡᠯᠢᠭᠵᠢᠬᠦ ᠵᠠᠮ ᠢᠶᠠᠷ ᠵᠠᠮᠨᠠᠵᠣ ᠪᠠᠶᠢᠨ᠎ᠠ ᠃

      ᠪᠠᠢ ᠬᠠᠰ ‍ᠤᠨ ᠬᠠᠳᠠᠮ ᠡᠴᠢᠭᠡ ᠡᠬᠡ ᠨᠢ ᠪᠦᠷ ᠡᠪᠡᠳᠴᠢᠨ ᠲᠡᠶ ᠂ ᠵᠢᠯ ᠲᠤᠷᠰᠢ ᠬᠥᠮᠦᠨ ᠡᠴᠡ ᠰᠠᠯᠵᠤ ᠴᠢᠳᠠᠬᠤ ᠦᠭᠡᠢ ᠪᠠᠶᠢᠵᠣ ᠂ ᠪᠠᠰᠠ ᠬᠣᠶᠠᠷ ᠬᠡᠦᠬᠡᠳ ᠬᠠᠷᠠᠭᠠᠯᠵᠠᠵᠣ ᠂ ᠪᠦᠬᠦ ᠭᠡᠷ ‍ᠦᠨ ᠬᠦᠨᠳᠦ ᠳᠠᠷᠤᠭᠠᠰᠤ ᠨᠢ ᠡᠷ᠎ᠡ ᠨᠥᠬᠥᠷ ᠯᠢ ᠵᠢᠶᠠᠨ ᠴᠢᠩ ᠨᠢᠭᠡ ᠬᠥᠮᠦᠨ ‍ᠦ ᠪᠡᠶ᠎ᠡ ᠳᠡᠭᠡᠷ᠎ᠡ ᠲᠣᠯᠭᠠᠷᠠᠭᠰᠠᠨ ᠪᠠᠶᠢᠨ᠎ᠠ ᠃ ᠭᠡᠷ ‍ᠦᠨ ᠬᠢᠨ ᠴᠣᠷ ᠤᠨ ᠭᠠᠭᠴᠠ ᠠᠵᠤ ᠠᠬᠤᠢ ᠶ᠋ᠢᠨ ᠢᠷᠡᠯᠲᠡ ᠪᠣᠯ ᠠᠷᠪᠠᠨ ᠨᠢᠭᠡᠨ ᠮᠦ ᠭᠠᠵᠠᠷ ᠲᠠᠷᠢᠶ᠎ᠠ ᠪᠠᠶᠢᠵᠣ ᠂ ᠪᠠᠷᠤᠭ ᠪᠦᠬᠦᠨ ‍ᠢ ᠡᠮ ᠡᠮᠨᠡᠯᠭᠡ ᠶ᠋ᠢᠨ ᠵᠠᠷᠤᠳᠠᠯ ᠳ᠋ᠥ ᠬᠡᠷᠡᠭᠯᠡᠵᠦ ᠪᠠᠢᠭᠰᠠᠨ ᠪᠣᠯᠬᠣᠷ ᠠᠮᠢᠳᠤᠷᠠᠯ ᠨᠢ ᠲᠤᠩ ᠬᠦᠴᠢᠷᠲᠡᠶ ᠪᠠᠶᠢᠵᠠᠶ ᠃ ᠤᠯᠠᠨ ᠵᠢᠯ ‍ᠦᠨ ᠲᠤᠷᠰᠢ ᠂ ᠪᠠᠢ ᠬᠠᠰ ‍ᠤᠨ ᠬᠢᠨ ᠥᠷᠢ ᠰᠢᠷᠢ ᠳ᠋ᠦ ᠳᠠᠷᠤᠭᠳᠠᠵᠤ ᠂ ᠬᠠᠮᠤᠭ ᠠᠷᠪᠢᠨ ᠳ᠋ᠥ ᠪᠠᠨ ᠠᠷᠪᠠᠨ ᠬᠡᠳᠦᠨ ᠲᠦᠮᠡᠨ ᠲᠥᠭᠥᠷᠢᠭ ᠲᠦ ᠬᠦᠷᠦᠭᠰᠡᠨ ᠪᠠᠶᠢᠨ᠎ᠠ ᠃


        ᠪᠠᠶᠠᠨᠲᠠᠯ᠎ᠠ ᠰᠤᠮᠤ ᠶ᠋ᠢᠨ ᠰᠦᠮ᠎ᠡ ᠶ᠋ᠢᠨ ᠠᠶᠢᠯ ᠲᠣᠰᠬᠣᠨ ᠤ ᠠᠷᠠᠳ ᠪᠠᠢ ᠬᠠᠰ ᠤᠨ ᠶᠠᠷᠢᠬᠣ ᠪᠡᠷ ᠄ ᠠᠪᠤ᠋ ᠡᠪᠡᠳᠴᠢᠨ ᠣᠯᠤᠭᠠᠳ ᠬᠣᠶᠠᠷ ᠵᠢᠯ ᠡᠮ ᠤᠤᠭᠤᠵᠤ ᠂ ᠨᠢᠭᠡ ᠵᠢᠯ ᠤᠨ ᠡᠷᠳᠡᠨᠢ ᠰᠢᠰᠢ ᠤᠨ ᠵᠣᠭᠣᠰ ᠨᠢᠭᠡ ᠤᠳᠠᠭ᠎ᠠ ᠳ᠋ᠥ ᠴᠤ ᠬᠦᠷᠬᠦ ᠦᠭᠡᠢ ᠂ ᠪᠦᠷ ᠵᠣᠭᠣᠰ ᠵᠢᠭᠡᠯᠡᠨ᠎ᠡ ᠂ ᠮᠠᠨ ‍ᠤ ᠪᠠᠭ᠎ᠠ ᠬᠦᠦ ᠲᠦᠷᠦᠯᠬᠢ ᠡᠪᠡᠳᠴᠢᠨ ᠲᠡᠶ ᠂ ᠳᠥᠷᠪᠡᠨ ᠰᠠᠷ᠎ᠠ ᠳ᠋ᠤ ᠪᠡᠭᠡᠵᠢᠩ ᠳ᠋ᠦ ᠣᠴᠢᠵᠤ ᠮᠡᠰᠡ ᠵᠠᠰᠠᠯ ᠬᠢᠬᠡᠳ ᠶᠠᠮᠠᠷᠴᠣ ᠵᠣᠭᠣᠰ ᠦᠭᠡᠢ ᠪᠣᠯᠣᠭᠰᠠᠨ ᠪᠠᠶᠢᠨ᠎ᠠ ᠃ ᠦᠬᠡᠯᠡᠢ ᠨᠢ ᠬᠣᠶᠢᠰᠢᠳᠠ ᠶᠡᠬᠡ ᠰᠤᠷᠭᠠᠭᠤᠯᠢ ᠳ᠋ᠤ ᠣᠷᠣᠬᠤ ᠳ᠋ᠤ ᠨᠠᠩ ᠠᠷᠪᠢᠨ ᠵᠣᠭᠣᠰ ᠬᠡᠷᠡᠭᠰᠡᠨ᠎ᠡ ᠃


       ᠲᠣᠰᠬᠣᠨ ᠳ᠋ᠤ ᠰᠠᠭᠣᠭ᠎ᠠᠠᠵᠢᠯᠯᠠᠬᠤ ᠠᠩᠭᠢ ᠪᠣᠯᠤᠨ ᠲᠣᠰᠬᠣᠨ ‍ᠤ ᠬᠣᠶᠠᠷ ᠵᠥᠪᠯᠡᠯ ‍ᠦᠨ ᠤᠳᠤᠷᠢᠳᠬᠤ ᠪᠠᠭ ᠪᠠᠢ ᠬᠠᠰ ‍ᠤᠨ ᠭᠡᠷ ‍ᠦᠨ ᠪᠠᠶᠢᠳᠠᠯ ‍ᠢ ᠣᠶᠢᠯᠠᠭᠠᠭᠰᠠᠨ ‍ᠦ ᠳᠠᠷᠠᠭ᠎ᠠ ᠂ ᠲᠡᠭᠦᠨ ᠤ ᠬᠡᠷ ᠪᠦᠯᠢ ᠵᠢ 2017 ᠣᠨ ᠤ ᠲᠠᠩᠰᠠᠨ ᠳ᠋ᠥ ᠲᠡᠮᠳᠡᠭᠯᠡᠵᠣ ᠺᠠᠷᠲ ᠵᠣᠬᠢᠶᠠᠭᠰᠠᠨ ᠶᠠᠳᠠᠭᠤ ᠬᠦᠴᠢᠷᠳᠡᠯᠲᠡᠢ ᠡᠷᠦᠬᠡ ᠳ᠋ᠦ ᠵᠢᠭᠰᠠᠭᠠᠨ ᠣᠷᠣᠭᠤᠯᠵᠤ ᠂ ᠲᠡᠭᠦᠨ ‍ᠦ ᠭᠡᠷ ‍ᠦᠨ ᠪᠣᠳᠠᠲᠤ ᠪᠠᠶᠢᠳᠠᠯ ᠲᠠᠢ ᠤᠶᠠᠯᠳᠤᠭᠤᠯᠤᠨ ᠂ ᠬᠠᠪᠰᠤᠷᠤᠨ ᠲᠡᠳᠬᠦᠬᠦ ᠲᠥᠷᠥ ᠶ᠋ᠢᠨ ᠪᠣᠳᠣᠯᠭ᠎ᠠ ᠲᠣᠭᠲᠠᠭᠠᠪᠠ ᠃ ᠤᠯᠤᠰ ᠤᠨ ᠡᠷᠡᠭᠦᠯ ᠮᠡᠨᠳᠦ ᠪᠡᠷ ᠶᠠᠳᠠᠭᠤ ᠶ᠋ᠢ ᠲᠡᠳᠬᠦᠬᠦ ᠲᠥᠷᠥ ᠶ᠋ᠢᠨ ᠪᠣᠳᠣᠯᠭ᠎ᠠ ᠶ᠋ᠢ ᠠᠰᠢᠭᠯᠠᠨ ᠂ ᠪᠠᠢ ᠬᠠᠰ ‍ᠤᠨ ᠡᠴᠢᠭᠡ ᠡᠬᠡ ᠶ᠋ᠢᠨ ᠡᠮᠨᠡᠨ ᠵᠠᠰᠠᠬᠤ ᠳ᠋ᠤ ᠬᠦᠴᠢᠷᠲᠡᠶ ᠪᠠᠶᠢᠬᠣ ᠠᠰᠠᠭᠤᠳᠠᠯ ‍ᠢ ᠰᠢᠶ᠋ᠳᠪᠦᠷᠢᠯᠡᠵᠦ ᠂ ᠰᠤᠷᠭᠠᠨ ᠬᠥᠮᠦᠵᠢᠯ ‍ᠢᠶ᠋ᠡᠷ ᠶᠠᠳᠠᠭᠤ ᠶ᠋ᠢ ᠲᠡᠳᠬᠦᠬᠦ ᠨᠥᠬᠥᠪᠥᠷᠢ ᠶ᠋ᠢᠨ ᠲᠥᠷᠥ ᠶ᠋ᠢᠨ ᠪᠣᠳᠣᠯᠭ᠎ᠠ ᠶ᠋ᠢ ᠠᠰᠢᠭᠯᠠᠨ ᠂ ᠬᠡᠦᠬᠡᠳ ‍ᠦᠨ ᠬᠢᠨ ᠰᠣᠷᠭᠠᠭᠣᠯᠢ ᠳ᠋ᠥ ᠰᠠᠭᠣᠬᠣ ᠠᠰᠠᠭᠤᠳᠠᠯ ‍ᠢ ᠰᠢᠶ᠋ᠳᠪᠦᠷᠢᠯᠡᠵᠦ ᠂ ᠪᠠᠰᠠ ᠲᠡᠭᠦᠨ ᠤ ᠬᠢᠨ ᠳ᠋ᠥ ᠠᠵᠤ ᠦᠢᠯᠡᠰ ‍ᠢᠶ᠋ᠡᠷ ᠶᠠᠳᠠᠭᠤ ᠶ᠋ᠢ ᠲᠡᠳᠬᠦᠬᠦ ᠲᠥᠷᠥ ᠶ᠋ᠢᠨ ᠪᠣᠳᠣᠯᠭ᠎ᠠ ᠨᠠᠶᠢᠳᠠᠪᠣᠷᠢᠵᠢᠭᠣᠯᠣᠨ ᠬᠣᠶᠠᠭᠤᠯᠠ ᠪᠠᠨ ᠦᠬᠡᠷ ᠲᠡᠵᠢᠭᠡᠵᠦ ᠂ ᠪᠠᠢ ᠬᠠᠰ ‍ᠤᠨ ᠨᠥᠬᠥᠷ ᠯᠢ ᠵᠢᠶᠠᠨ ᠴᠢᠩ ᠴᠤ ᠭᠡᠷ ᠤᠨ ᠢᠶᠡᠨ ᠲᠡᠷᠭᠡᠳᠡ ᠪᠠᠶᠢᠭ᠎ᠠ ᠲᠡᠵᠢᠭᠡᠨ ᠦᠷᠡᠵᠢᠭᠦᠯᠬᠦ ᠪᠠᠭ᠎ᠠ ᠲᠣᠭᠣᠷᠢᠭ ᠲᠤ ᠨᠢᠭᠡ ᠬᠤᠪᠢ ᠪᠠᠷᠢᠯᠭ᠎ᠠ ᠶ᠋ᠢᠨ ᠠᠵᠢᠯ ᠣᠯᠵᠤ ᠂ ᠰᠠᠷ᠎ᠠ ᠪᠦᠷᠢ ᠪᠠᠰᠠ 3000 ᠭᠠᠷᠤᠶ ᠲᠥᠭᠥᠷᠢᠭ ‍ᠦᠨ ᠣᠷᠣᠯᠭ᠎ᠠ ᠣᠯᠤᠭᠰᠠᠨ ᠪᠠᠢᠨ᠎ᠠ ᠃

       ᠪᠠᠶᠠᠨᠲᠠᠯ᠎ᠠ ᠰᠤᠮᠤ ᠶ᠋ᠢᠨ ᠰᠦᠮ᠎ᠡ ᠶ᠋ᠢᠨ ᠠᠶᠢᠯ ᠲᠣᠰᠬᠣᠨ ᠤ ᠠᠷᠠᠳ ᠪᠠᠢ ᠬᠠᠰ ᠤᠨ ᠶᠠᠷᠢᠬᠣ ᠪᠡᠷ ᠄ ᠣᠳᠣ ᠰᠢᠨ᠎ᠡ ᠭᠡᠷ ᠪᠠᠶᠢᠰᠢᠩ ᠳ᠋ᠥ ᠰᠠᠭᠤᠵᠤ ᠂ ᠪᠠᠰᠠ ᠭᠤᠷᠪᠠᠨ ᠦᠬᠡᠷ ᠲᠡᠵᠢᠭᠡᠵᠦ ᠪᠠᠢᠨ᠎ᠠ ᠃ ᠬᠡᠦᠬᠡᠳ ᠰᠤᠷᠭᠠᠭᠤᠯᠢ ᠳ᠋ᠤ ᠰᠠᠭᠣᠬᠣ ᠳ᠋ᠥ ᠲᠡᠭᠡᠷ᠎ᠡ ᠱᠠᠳᠣᠨ ᠡᠴᠡ ᠨᠥᠬᠥᠪᠥᠷᠢ ᠥᠭᠴᠦ ᠂ ᠳᠡᠭᠡᠷ᠎ᠡ ᠱᠠᠳᠣᠨ ᠡᠴᠠ ᠦᠷᠬᠦᠯᠵᠢ ᠡᠵᠢ ᠶ᠋ᠢᠨ ᠡᠪᠡᠳᠴᠢᠨ ᠤ ᠪᠠᠶᠢᠳᠠᠯ ‍ᠢ ᠣᠶᠢᠯᠠᠭᠠᠨ ᠡᠮ ᠦᠭᠴᠣ ᠂ ᠠᠮᠢᠳᠣᠷᠠᠯ ᠡᠳᠣᠷ ᠡᠴᠡ ᠡᠳᠦᠷ ᠰᠠᠶᠢᠵᠢᠷᠠᠵᠣ ᠪᠠᠶᠢᠨ᠎ᠠ ᠃
        ᠪᠠᠢ ᠬᠠᠰ ᠤᠨ ᠭᠡᠷ ‍ᠦᠨ ᠠᠮᠢᠳᠤᠷᠠᠯ ᠠᠭᠠᠵᠢᠮ ᠢᠶᠠᠷ ᠰᠠᠶᠢᠵᠢᠷᠠᠵᠤ ᠂ 2018 ᠣᠨ ᠳ᠋ᠤ ᠠᠮᠵᠢᠯᠲᠠᠲᠠᠶ ᠶᠠᠳᠠᠭᠣ ᠡᠴᠡ ᠠᠩᠬᠢᠵᠢᠷᠠᠵᠣ ᠂ ᠲᠡᠷᠡ ᠪᠠᠰᠠ ᠲᠡᠵᠢᠭᠡᠨ ᠦᠷᠡᠵᠢᠭᠦᠯᠬᠦ ᠬᠡᠪᠴᠢᠶ᠎ᠡ ᠪᠡᠨ ᠦᠷᠭᠡᠳᠭᠡᠨ ᠂ ᠦᠬᠡᠷ ᠲᠡᠵᠢᠭᠡᠬᠦ ᠦᠢᠯᠡᠰ ‍ᠢ ᠬᠥᠭᠵᠢᠭᠦᠯᠬᠦ ᠪᠡᠷ ᠳᠠᠮᠵᠢᠨ ᠣᠷᠣᠯᠭ᠎ᠠ ᠪᠠᠨ ᠨᠡᠮᠡᠭᠳᠡᠭᠦᠯᠵᠦ ᠪᠠᠶᠠᠵᠢᠨ ᠴᠢᠨᠡᠭᠡᠯᠢᠭᠵᠢᠬᠦ ᠪᠡᠷ ᠲᠥᠯᠥᠪᠯᠡᠵᠦ ᠪᠠᠢᠨ᠎ᠠ ᠃
ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ