ᠵᠠᠩ ᠬᠤᠸᠠ ᠲᠦᠴᠸᠩᠽᠢ ᠰᠢᠶᠠᠩ ᠂ ᠰᠢᠷᠠᠬᠣᠭᠣᠯᠠᠢ ᠪᠠᠯᠭᠠᠰᠤᠨ ᠳ᠋ᠤ ᠭᠦᠨᠵᠡᠭᠡᠶᠢᠷᠡᠨ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠠᠵᠢᠯ ᠳ᠋ᠥ ᠪᠠᠶᠢᠴᠠᠭᠠᠨ ᠰᠣᠳᠣᠯᠣᠯᠳᠠ ᠬᠢᠭᠰᠡᠨ

ᠣᠩᠰᠢᠭᠰᠠᠨ ᠤᠳᠠᠭ᠎ᠠ ᠄ 3231     ᠨᠡᠶᠢᠳᠡᠯᠡᠭᠰᠡᠨ ᠴᠠᠭ ᠄ 2019/5/31 16:54:57

       5ᠳ᠋ᠤᠭᠠᠷ ᠰᠠᠷ᠎ᠠ ᠶ᠋ᠢᠨ 24 ‍ᠤ ᠡᠳᠦᠷ ᠂ ᠬᠣᠰᠢᠭᠣᠨ ᠤ ᠨᠠᠮ ‍ᠤᠨ ᠬᠣᠷᠢᠶᠠᠨ ‍ᠤ ᠱᠦᠵᠢ ᠵᠠᠩ ᠬᠤᠸᠠ ᠲᠦᠴᠸᠩᠽᠢ ᠰᠢᠶᠠᠩ ᠂ ᠰᠢᠷᠠᠬᠣᠭᠣᠯᠠᠢ ᠪᠠᠯᠭᠠᠰᠤᠨ ᠳ᠋ᠤ ᠭᠦᠨᠵᠡᠭᠡᠶᠢᠷᠡᠨ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠠᠵᠢᠯ ᠳ᠋ᠥ  ᠪᠠᠶᠢᠴᠠᠭᠠᠨ ᠰᠣᠳᠣᠯᠣᠯᠳᠠ ᠬᠢᠭᠰᠡᠨ ᠪᠠᠶᠢᠨ᠎ᠠ ᠃
        ᠵᠠᠩ ᠬᠤᠸᠠ ᠤᠷᠢᠳ ᠬᠣᠵᠢᠳ ᠲᠦᠴᠸᠩᠽᠢ ᠰᠢᠶᠠᠩ ‍ᠤᠨ ᠾᠧᠦ ᠳᠧᠦ ᠭᠸᠦ ᠲᠣᠰᠬᠣᠨ ᠂ ᠴᠢ ᠵᠢᠶᠠ ᠽᠢ ᠲᠣᠰᠬᠣᠨ ᠪᠣᠯᠤᠨ ᠰᠢᠷᠠᠬᠣᠭᠣᠯᠠᠢ ᠪᠠᠯᠭᠠᠰᠤᠨ ‍ᠤ ᠾᠧᠢ ᠢᠦᠢ ᠫᠤᠤ ᠽᠢ ᠲᠣᠰᠬᠣᠨ ᠂ ᠢᠮᠠᠭᠠᠴᠢᠨ ᠭᠠᠴᠠᠭ᠎ᠠ ᠳ᠋ᠤ ᠭᠦᠨᠵᠡᠭᠡᠶᠢᠷᠡᠵᠦ ᠂ ᠲᠣᠰᠬᠣᠨ ᠳ᠋ᠤ ᠰᠠᠭᠤᠭ᠎ᠠ ᠺᠠᠳ᠋ᠷ ‍ᠤᠨ ᠠᠵᠢᠯ ᠪᠠᠶᠢᠷᠢ ᠪᠣᠯᠤᠨ ᠠᠮᠢᠳᠤᠷᠠᠯ ‍ᠤᠨ ᠪᠠᠶᠢᠳᠠᠯ ‍ᠢ ᠪᠠᠶᠢᠴᠠᠭᠠᠵᠣ ᠂ ᠲᠡᠳᠡᠨᠡᠷ ᠤᠨ ᠲᠥᠷᠥ ᠶ᠋ᠢᠨ ᠪᠣᠳᠣᠯᠭ᠎ᠠ ᠶ᠋ᠢᠨ ᠪᠠᠶᠢᠳᠠᠯ ‍ᠢ ᠣᠶᠢᠯᠠᠭᠠᠵᠤ ᠡᠵᠡᠮᠰᠢᠭᠰᠡᠨ ᠪᠠᠶᠢᠳᠠᠯ ‍ᠢ ᠲᠤᠬᠠᠢ ‍ᠢᠢᠨ ᠲᠠᠯᠠᠪᠠᠢ ᠳ᠋ᠤ ᠰᠢᠯᠭᠠᠵᠣ ᠂ ᠶᠠᠳᠠᠭᠤ ᠬᠦᠴᠢᠷᠳᠡᠯᠲᠡᠢ ᠬᠡᠰᠡᠭ ᠡᠷᠦᠬᠡ ᠳ᠋ᠥ ᠭᠦᠨᠵᠡᠭᠡᠶᠢᠷᠡᠨ ᠪᠣᠳᠠᠲᠠᠢ ᠠᠰᠠᠭᠤᠳᠠᠯ ‍ᠢ ᠵᠠᠳᠠᠯᠵᠤ ᠂ ᠴᠡᠭᠴᠡᠯᠡᠨ ᠰᠠᠶᠢᠵᠢᠷᠠᠭᠣᠯᠬᠣ ᠠᠷᠭ᠎ᠠ ᠬᠡᠮᠵᠢᠶ᠎ᠡ ᠶ᠋ᠢ ᠰᠣᠳᠣᠯᠣᠨ ᠂ ᠶᠠᠳᠠᠭᠤ ᠶ᠋ᠢ ᠲᠡᠳᠬᠦᠬᠦ ᠲᠥᠷᠥ ᠶ᠋ᠢᠨ ᠪᠣᠳᠣᠯᠭ᠎ᠠ ᠶ᠋ᠢ ᠨᠠᠶᠢᠳᠠᠪᠣᠷᠢᠵᠢᠭᠣᠯᠵᠣ ᠂ ᠰᠢᠷᠠᠬᠣᠭᠣᠯᠠᠢ ᠪᠠᠯᠭᠠᠰᠤᠨ ‍ᠤ ᠨᠠᠮ ᠵᠠᠰᠠᠭ ‍ᠤᠨ ᠪᠠᠭ ‍ᠤᠨ ᠪᠦᠷᠢᠯᠳᠦᠬᠦᠨ ᠲᠡᠶ ᠬᠠᠮᠳᠣ ᠰᠠᠭᠣᠳᠠᠯ ᠤᠨ ᠬᠣᠷᠠᠯ ᠶᠠᠪᠣᠭᠳᠠᠭᠣᠯᠣᠭᠰᠠᠨ ᠪᠠᠶᠢᠨ᠎ᠠ ᠃
       ᠵᠠᠩ ᠬᠤᠸᠠ ᠴᠢᠩᠭᠠᠳᠬᠠᠭᠰᠠᠨ ᠨᠢ ᠂ ᠶᠠᠰᠤ ᠴᠢᠨᠠᠷ ᠤᠨ ᠦᠨᠡᠯᠡᠨ ᠵᠢᠱᠢᠬᠦ ᠠᠵᠢᠯ ‍ᠢ ᠪᠦᠬᠦ ᠲᠠᠯ᠎ᠠ ᠪᠠᠷ ᠭᠦᠨᠵᠡᠭᠡᠶ ᠪᠠᠲᠤᠲᠠᠶ ᠥᠷᠨᠢᠭᠦᠯᠵᠦ ᠂ 《 ᠬᠣᠶᠠᠷ ᠲᠤ ᠵᠣᠪᠠᠬᠤ ᠦᠭᠡᠢ ᠭᠤᠷᠪᠠ ᠶ᠋ᠢ ᠪᠠᠲᠤᠯᠠᠬᠤ 》 ᠪᠠᠷᠢᠮᠵᠢᠶ᠎ᠠ ᠪᠣᠯᠤᠨ 《 ᠵᠢᠷᠭᠤᠭ᠎ᠠ ᠶ᠋ᠢ ᠢᠯᠭᠠᠷᠠᠭᠤᠯᠤᠨ ᠂ ᠳᠥᠷᠪᠡ ᠶ᠋ᠢ ᠪᠠᠷᠢᠮᠵᠢᠶ᠎ᠠ ᠳ᠋ᠤ ᠬᠦᠷᠭᠡᠬᠦ 》 ᠱᠠᠭᠠᠷᠳᠠᠯᠭ᠎ᠠ ᠶ᠋ᠢ ᠪᠠᠷᠢᠮᠲᠠᠯᠠᠵᠤ ᠂ 《 ᠠᠷᠪᠠᠨ ᠵᠦᠢᠯ ‍ᠦᠨ ᠲᠥᠷᠥ ᠶ᠋ᠢᠨ ᠪᠣᠳᠣᠯᠭ᠎ᠠ 》 ᠶ᠋ᠢ ᠭᠦᠨᠵᠡᠭᠡᠶ ᠰᠤᠷᠤᠯᠴᠠᠨ ᠂ ᠠᠶᠢᠯ ᠲᠣᠰᠬᠣᠨ ᠡᠷᠦᠬᠡ ᠳᠠᠷᠠᠭᠠᠯᠠᠨ ᠪᠣᠳᠠᠲᠠᠶ ᠠᠰᠠᠭᠤᠳᠠᠯ ‍ᠢ ᠪᠠᠶᠢᠴᠠᠭᠠᠵᠣ ᠂ ᠠᠶᠢᠯ ᠡᠷᠦᠬᠡ ᠬᠥᠮᠦᠨ ‍ᠦ ᠪᠠᠶᠢᠳᠠᠯ ᠳ᠋ᠤᠨᠢ ᠲᠤᠬᠢᠷᠠᠭᠤᠯᠤᠨ ᠴᠡᠭᠴᠡᠯᠡᠨ ᠰᠠᠶᠢᠵᠢᠷᠠᠭᠣᠯᠬᠣ ᠠᠷᠭ᠎ᠠ ᠬᠡᠮᠵᠢᠶ᠎ᠡ ᠶ᠋ᠢ ᠰᠤᠳᠤᠯᠵᠤ ᠂ ᠲᠥᠷᠥ ᠶ᠋ᠢᠨ ᠪᠣᠳᠣᠯᠭ᠎ᠠ ᠶ᠋ᠢ ᠵᠤᠷᠪᠤᠰ ᠳᠠᠷᠠᠭᠠᠯᠠᠨ ᠨᠠᠶᠢᠳᠠᠪᠣᠷᠢᠵᠢᠭᠣᠯᠣᠨ ᠂ ᠶᠠᠳᠠᠭᠤ ᠶ᠋ᠢ ᠲᠡᠳᠬᠦᠬᠦ ᠬᠦᠷᠢᠶᠡᠨ ᠳ᠋ᠡᠬᠢ ᠡᠯ᠎ᠡ ᠲᠥᠷᠥᠯ ‍ᠦᠨ ᠠᠶᠤᠯ ᠲᠦᠭᠰᠢᠭᠦᠷᠢ ᠶ᠋ᠢ ᠪᠦᠲᠦᠮᠵᠢᠲᠡᠶ ᠰᠡᠷᠭᠡᠶᠢᠯᠡᠨ ᠠᠷᠢᠯᠭᠠᠵᠤ ᠂ ᠠᠰᠠᠭᠤᠳᠠᠯ ‍ᠢ ᠴᠡᠭᠴᠡᠯᠡᠨ ᠰᠠᠶᠢᠵᠢᠷᠠᠭᠤᠯᠵᠤ ᠂ ᠶᠠᠳᠠᠭᠣ ᠡᠴᠡ ᠠᠩᠭᠢᠵᠢᠷᠠᠭᠣᠯᠣᠨ ᠪᠣᠭᠣᠮᠳᠠ ᠰᠢᠪᠳᠣᠯᠬᠣ ᠳᠠᠶᠢᠯᠠᠯᠳᠣᠭᠠᠨ ᠳ᠋ᠥ ᠢᠯᠠᠯᠲᠠ ᠣᠯᠬᠤ ᠶ᠋ᠢ ᠦᠨᠡᠨᠬᠦ ᠪᠠᠳᠣᠯᠠᠬᠣ ᠬᠡᠷᠡᠭᠲᠡᠢ ᠃ ᠡᠯ᠎ᠡ ᠰᠤᠮᠤ ᠰᠢᠶᠠᠩ ᠪᠠᠯᠭᠠᠰᠤ ᠲᠠᠯᠠᠪᠣᠷ ᠤᠨ ᠨᠠᠮ ᠵᠠᠰᠠᠭ ‍ᠤᠨ ᠤᠳᠤᠷᠢᠳᠬᠤ ᠪᠠᠭ ‍ᠤᠨ ᠭᠡᠰᠢᠭᠦᠨ ᠭᠣᠣᠯ ᠣᠶᠣᠨ ᠴᠢᠳᠠᠯ ᠢᠶᠡᠨ ᠲᠣᠰᠬᠣᠨ ᠳ᠋ᠤ ᠪᠠᠭᠤᠵᠤ ᠡᠷᠦᠬᠡ ᠳ᠋ᠦ ᠬᠦᠷᠴᠦ ᠶᠠᠳᠠᠭᠤ ᠶ᠋ᠢ ᠲᠡᠳᠬᠦᠬᠦ ᠳ᠋ᠥ ᠪᠠᠶᠢᠴᠠᠭᠠᠨ ᠰᠤᠳᠤᠯᠤᠯᠲᠠ ᠬᠢᠬᠦ ᠳᠡᠭᠡᠷ᠎ᠡ ᠲᠠᠯᠪᠢᠵᠤ ᠂ ᠲᠥᠷᠥ ᠶ᠋ᠢᠨ ᠪᠣᠳᠣᠯᠭ᠎ᠠ ᠶ᠋ᠢ ᠭᠦᠨᠵᠡᠭᠡᠢ ᠰᠤᠷᠤᠯᠴᠠᠨ ᠂ ᠬᠠᠭᠠᠰ ᠳᠤᠲᠠᠭᠤ ᠮᠡᠳᠡᠬᠦ ᠂ ᠭᠦᠨᠵᠡᠭᠡᠢ ᠣᠶᠢᠯᠠᠭᠠᠬᠣ ᠦᠭᠡᠢ ᠪᠠᠶᠢᠬᠣ ᠦᠵᠡᠭᠳᠡᠯ ‍ᠢ ᠡᠷᠡᠰ ᠬᠣᠷᠢᠭᠯᠠᠬᠣ ᠬᠡᠷᠡᠭᠲᠡᠢ ᠃ ᠡᠯ᠎ᠡ ᠰᠠᠯᠠᠭ᠎ᠠ ᠮᠥᠴᠢᠷ ‍ᠦᠨ ᠭᠣᠣᠯ ᠬᠠᠷᠢᠭᠤᠴᠠᠯᠭᠠᠲᠠᠨ ᠲᠣᠰᠬᠣᠨ ᠳ᠋ᠤ ᠲᠣᠮᠢᠯᠠᠭᠰᠠᠨ ᠺᠠᠳ᠋ᠷ ‍ᠤᠨ ᠠᠵᠢᠯ ᠠᠮᠢᠳᠤᠷᠠᠯ ‍ᠢ ᠢᠯᠡᠭᠦᠬᠡᠨ ᠠᠰᠠᠭᠤᠵᠤ ᠂ ᠲᠡᠳᠡᠨ ᠲᠠᠢ ᠬᠠᠮᠲᠤᠪᠠᠷ ᠠᠵᠢᠯ ᠢᠶᠡᠨ ᠯᠠᠪᠳᠠᠭᠤᠨ ᠪᠠᠲᠤᠲᠠᠢ ᠥᠷᠨᠢᠭᠦᠯᠵᠦ ᠂ ᠠᠮᠢᠳᠤᠷᠠᠯ ‍ᠤᠨ ᠨᠥᠬᠥᠴᠡᠯ ‍ᠢ ᠨᠠᠩ ᠰᠠᠶᠢᠲᠤᠷ ᠪᠠᠳᠣᠯᠠᠨ ᠂ 《 ᠲᠠᠪᠤᠨ ᠡᠳᠦᠷ ᠳᠥᠷᠪᠡᠨ ᠰᠥᠨᠢ 》 ᠶ᠋ᠢᠨ ᠠᠵᠢᠯ ‍ᠤᠨ ᠳᠦᠷᠢᠮ ‍ᠢ ᠡᠷᠡᠰ ᠰᠠᠶᠢᠲᠤᠷ ᠨᠠᠶᠢᠳᠠᠪᠣᠷᠢᠵᠢᠭᠣᠯᠵᠣ ᠂ ᠳᠡᠳᠡᠨᠦᠰ ‍ᠢ ᠨᠠᠮ ᠲᠣᠭᠲᠠᠭᠤᠨ ᠢᠶᠠᠷ ᠲᠣᠰᠬᠣᠨ ᠳ᠋ᠤ ᠰᠠᠭᠤᠵᠤ ᠠᠵᠢᠯ ᠥᠷᠨᠢᠭᠦᠯᠬᠦ ᠬᠡᠷᠡᠭᠲᠡᠢ ᠃ ᠥᠷᠭᠡᠨ ᠤᠯᠠᠨ ᠶᠠᠳᠠᠭᠤ ᠶ᠋ᠢ ᠲᠡᠳᠬᠦᠬᠦ ᠨᠢᠭᠡᠳᠦᠭᠡᠷ ᠹᠷᠣᠨᠲ ‍ᠤᠨ ᠺᠠᠳ᠋ᠷᠴᠤᠳ ᠠᠵᠢᠯ ‍ᠤᠨ ᠰᠤᠷᠲᠠᠯ ᠢᠶᠡᠨ ᠦᠨᠡᠨ ᠬᠦ ᠬᠤᠪᠢᠷᠠᠭᠤᠯᠵᠤ ᠂ ᠲᠥᠷᠥ ᠶ᠋ᠢᠨ ᠪᠣᠳᠣᠯᠭ᠎ᠠ ᠶ᠋ᠢ ᠭᠦᠨᠵᠡᠭᠡᠢ ᠰᠣᠷᠣᠯᠴᠠᠨ ᠂ ᠲᠥᠷᠥ ᠶ᠋ᠢᠨ ᠪᠣᠳᠣᠯᠭ᠎ᠠ ᠶ᠋ᠢ ᠥᠷᠭᠡᠨ ‍ᠢᠶ᠋ᠡᠷ ᠤᠬᠠᠭᠤᠯᠵᠤ ᠂ ᠲᠥᠷᠥ ᠶ᠋ᠢᠨ ᠪᠣᠳᠣᠯᠭ᠎ᠠ ᠶ᠋ᠢ ᠣᠨᠣᠪᠴᠢᠲᠠᠢ ᠬᠡᠷᠡᠭᠯᠡᠨ ᠂ ᠲᠥᠷᠥ ᠶ᠋ᠢᠨ ᠪᠣᠳᠣᠯᠭ᠎ᠠ ᠶ᠋ᠢ ᠡᠷᠡᠰ  ᠨᠠᠶᠢᠳᠠᠪᠣᠷᠢᠵᠢᠭᠣᠯᠵᠣ ᠂ ᠬᠡᠯᠪᠡᠷᠢᠴᠢ ᠦᠵᠡᠯ ‍ᠢ ᠴᠢᠩᠭ᠎ᠠ ᠰᠡᠷᠭᠡᠶᠢᠯᠡᠨ ᠂ ᠬᠠᠰᠢ ᠶᠠᠰᠤ ᠥᠩᠭᠡᠷᠡᠭᠦᠯᠬᠦ ᠵᠡᠷᠭᠡ ᠦᠢᠯᠡ ᠠᠵᠢᠯᠯᠠᠭ᠎ᠠ ᠶ᠋ᠢ ᠴᠢᠩᠭ᠎ᠠ ᠰᠡᠷᠭᠡᠶᠢᠯᠡᠵᠦ ᠂ ᠶᠠᠰᠤ ᠴᠢᠨᠠᠷ ‍ᠢ ᠦᠨᠡᠯᠡᠨ ᠵᠢᠱᠢᠬᠦ ᠠᠵᠢᠯ ‍ᠢ ᠬᠠᠯᠠᠰᠢᠷᠠᠯ ᠦᠭᠡᠢ ᠨᠠᠷᠢᠨ ᠬᠢᠨᠠᠮᠠᠭᠠᠢ ᠰᠠᠶᠢᠲᠤᠷ ᠥᠷᠨᠢᠭᠦᠯᠵᠦ ᠂ ᠤᠨᠢᠨ ᠳᠡᠭᠡᠷ᠎ᠡ ᠨᠢ ᠶᠠᠳᠠᠭᠤ ᠶ᠋ᠢ ᠲᠡᠳᠬᠦᠵᠦ ᠤᠨᠢᠨ ᠳᠡᠭᠡᠷ᠎ᠡ ᠨᠢ ᠶᠠᠳᠠᠭᠤ ᠡᠴᠠ ᠠᠩᠭᠢᠵᠢᠷᠠᠭᠤᠯᠬᠤ ᠶ᠋ᠢ ᠪᠣᠳᠠᠲᠠᠢ  ᠨᠠᠶᠢᠳᠠᠪᠣᠷᠢᠵᠢᠭᠣᠯᠣᠨ ᠂ ᠪᠣᠳᠠᠲᠤ ᠦᠷ᠎ᠡ ᠪᠦᠲᠦᠮᠵᠢ ᠣᠯᠬᠤ ᠶ᠋ᠢ ᠦᠨᠡᠨ ᠬᠦ ᠪᠠᠲᠤᠯᠠᠬᠤ ᠬᠡᠷᠡᠭᠲᠡᠢ ᠭᠡᠰᠡᠨ ᠪᠠᠶᠢᠨ᠎ᠠ ᠃
ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ