ᠨᠠᠢᠮᠠᠨ ᠬᠤᠰᠢᠭᠤᠨ ᠤ ᠥᠭᠡᠷᠡᠴᠢᠯᠡᠯᠲᠡ ᠨᠡᠭᠡᠬᠡᠯᠲᠡ ᠰᠢᠨ᠎ᠡ ᠠᠬᠢᠴᠠ ᠲᠠᠢ ᠪᠠᠶᠢᠨ᠎ᠠ

ᠣᠩᠰᠢᠭᠰᠠᠨ ᠤᠳᠠᠭ᠎ᠠ ᠄ 25905     ᠨᠡᠶᠢᠳᠡᠯᠡᠭᠰᠡᠨ ᠴᠠᠭ ᠄ 2019/5/23 16:53:04

      2018 ᠣᠨ ᠳ᠋ᠤ ᠂ ᠨᠠᠢᠮᠠᠨ ᠬᠤᠰᠢᠭᠤ ᠥᠭᠡᠷᠡᠴᠢᠯᠡᠯᠲᠡ ᠶ᠋ᠢᠨ ᠡᠭᠦᠷᠭᠡ ᠶ᠋ᠢ 285 ᠲᠥᠷᠥᠯ ᠬᠡᠷᠡᠭᠵᠢᠭᠦᠯᠵᠦ ᠂ 214 ᠲᠥᠷᠥᠯ ᠢ ᠨᠢ ᠪᠡᠶᠡᠯᠡᠭᠦᠯᠵᠦ ᠂ ᠦᠷ᠎ᠡ ᠪᠦᠳᠦᠮᠵᠢ ᠶ᠋ᠢᠨ ᠴᠢᠨᠠᠷ ᠲᠠᠢ ᠪᠢᠴᠢᠭ ᠮᠠᠲ᠋ᠸᠷᠢᠶᠠᠯ ᠢ 155 ᠬᠤᠪᠢ ᠭᠠᠷᠭᠠᠵᠠᠢ ᠃ ᠪᠠᠶᠢᠭᠤᠯᠤᠮᠵᠢ ᠶ᠋ᠢᠨ ᠥᠭᠡᠷᠡᠴᠢᠯᠡᠯᠲᠡ ᠂ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠂ ᠣᠯᠠᠨ ᠨᠡᠶᠢᠲᠡ ᠶ᠋ᠢᠨ ᠪᠦᠯᠭᠦᠮ ᠂ ᠮᠥᠩᠭᠥᠨ ᠭᠦᠢᠯᠭᠡᠭᠡ ᠂ ᠠᠷᠠᠯᠵᠢᠶ᠎ᠠ ᠬᠤᠳᠠᠯᠳᠤᠭ᠎ᠠ ᠶ᠋ᠢᠨ ᠤᠶᠢᠯᠡᠰ ᠵᠡᠷᠭᠡ ᠭᠣᠤᠯᠳᠠᠯᠭᠠᠳᠤ ᠬᠦᠷᠢᠶ᠎ᠡ ᠴᠠᠷᠠᠭᠠᠨ ᠳ᠋ᠤ ᠥᠭᠡᠷᠡᠴᠢᠯᠡᠯᠲᠡ ᠶ᠋ᠢ ᠯᠠᠪᠳᠠᠭᠤᠨ ᠢᠶᠠᠷ ᠠᠬᠢᠭᠤᠯᠵᠠᠢ ᠃

    ︿ ︿ ᠲᠠᠯᠪᠢᠬᠤ ᠬᠠᠮᠢᠶᠠᠷᠬᠤ ᠤᠶᠢᠯᠡᠴᠢᠯᠡᠬᠦ ﹀ ﹀ ᠥᠭᠡᠷᠡᠴᠢᠯᠡᠯᠲᠡ ᠶ᠋ᠢ ᠭᠦᠨᠵᠡᠭᠡᠶᠢᠷᠡᠭᠦᠯᠦᠨ ︿ ︿ ᠨᠢᠭᠡ ᠤᠳᠠᠭ᠎ᠠ ᠡᠴᠠ ᠢᠯᠡᠭᠦᠦ ᠭᠦᠶᠦᠬᠦ ᠦᠭᠡᠢ ﹀ ﹀ ᠤᠶᠢᠯᠡᠴᠢᠯᠡᠭᠡᠨ ᠤ ᠵᠠᠬᠪᠤᠷ ᠢ ᠶᠡᠬᠡᠪᠡᠷ ᠳᠡᠯᠭᠡᠷᠡᠭᠦᠯᠦᠨ ᠠᠵᠤ ᠠᠬᠤᠢ ᠬᠤᠪᠢ ᠡᠷᠦᠬᠡ ᠶ᠋ᠢᠨ ᠳᠠᠩᠰᠠᠯᠠᠯᠲᠠ ᠶ᠋ᠢᠨ ᠪᠦᠬᠦ ᠶᠠᠪᠤᠴᠠ ᠶ᠋ᠢ ᠰᠦᠯᠵᠢᠶᠡᠨ ᠳᠡᠭᠡᠷ᠎ᠡ ᠭᠦᠢᠴᠡᠦᠨᠬᠡᠬᠦ ᠪᠣᠯᠵᠠᠢ ᠃ ᠳᠠᠷᠤᠢ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠨ ᠭᠦᠢᠴᠡᠦᠨᠬᠡᠬᠦ ᠴᠠᠭ ᠢ ᠵᠠᠭᠤᠨ ᠤ ᠵᠢᠷᠠᠨ ᠭᠤᠷᠪᠠ ᠪᠠᠷ ᠪᠠᠭᠠᠰᠬᠠᠵᠤ ᠂ ᠵᠠᠬ᠎ᠠ ᠳᠡᠯᠭᠡᠭᠦᠷ ᠦᠨ ᠭᠣᠤᠯ ᠴᠤᠬᠴᠠ ᠶ᠋ᠢᠨ ᠶᠡᠷᠦᠩᠬᠡᠢ ᠬᠡᠮᠵᠢᠶ᠎ᠡ 2.51 ᠲᠦᠮᠡᠨ ᠡᠷᠦᠬᠡ  ᠪᠣᠯᠣᠨ  ᠨᠡᠮᠡᠭᠳᠡᠵᠦ ᠪᠦᠬᠦ ᠬᠣᠲᠠ ᠶ᠋ᠢᠨ ᠬᠣᠶᠠᠳᠤᠭᠠᠷ ᠲᠤ ᠣᠷᠤᠵᠠᠢ ᠃ ᠭᠠᠵᠠᠷ ᠰᠢᠷᠣᠢ ᠶ᠋ᠢᠨ ︿ ︿ ᠭᠤᠷᠪᠠᠨ ᠡᠷᠬᠡ ᠶ᠋ᠢ ᠰᠠᠯᠭᠠᠬᠤ ﹀ ﹀ ᠥᠭᠡᠷᠡᠴᠢᠯᠡᠯᠲᠡ ᠶ᠋ᠢ  ᠲᠥᠷᠭᠡᠦᠨᠬᠡᠨ ᠠᠬᠢᠭᠤᠯᠵᠤ ᠂ ᠪᠦᠬᠦ ᠣᠷᠣᠨ ᠤ ᠨᠢᠭᠡᠳᠦᠭᠡᠷ ᠲᠣᠭᠠᠳᠤ ᠬᠦᠳᠡᠭᠡ ᠲᠣᠰᠬᠤᠨ ᠤ ᠭᠠᠵᠠᠷ ᠰᠢᠷᠣᠢ ᠶ᠋ᠢ ᠳᠠᠭᠠᠭᠠᠴᠢᠯᠠᠨ ᠡᠵᠡᠩᠨᠡᠬᠦ ᠡᠷᠬᠡ ᠶ᠋ᠢᠨ ᠥᠨᠡᠮᠯᠡᠯ ᠢ ᠨᠠᠢᠮᠠᠨ ᠬᠤᠰᠢᠭᠤᠨ ᠳ᠋ᠤ  ᠲᠠᠷᠬᠠᠭᠠᠵᠤ ᠂ ᠤᠯᠤᠰ ᠤᠨ ᠥᠮᠴᠢᠯᠡᠯᠳᠦ ᠲᠠᠷᠢᠶᠠᠯᠠᠩ ᠣᠢ ᠰᠢᠭᠤᠢ ᠶ᠋ᠢᠨ ᠥᠭᠡᠷᠡᠴᠢᠯᠡᠯᠲᠡ ᠶ᠋ᠢ ᠡᠬᠢᠯᠡᠨ ᠬᠡᠷᠡᠭᠵᠢᠭᠦᠯᠪᠡ ᠃ ᠳᠣᠳᠤᠭᠠᠳᠤ ᠶ᠋ᠢ ᠬᠠᠮᠠᠭᠠᠯᠠᠬᠤ ᠥᠭᠡᠷᠡᠴᠢᠯᠡᠯᠲᠡ ᠶ᠋ᠢ ᠥᠷᠭᠦᠯᠵᠢᠯᠡᠨ ᠭᠦᠨᠵᠡᠭᠡᠶᠢᠷᠡᠭᠦᠯᠵᠦ ᠂ ᠨᠠᠢᠮᠠᠨ ᠬᠤᠰᠢᠭᠤᠨ ᠤ ᠵᠠᠮ ᠬᠠᠷᠢᠯᠴᠠᠭ᠎ᠠ ᠶ᠋ᠢᠨ ᠴᠠᠬᠳᠠᠭᠠᠨ ᠤ ᠶᠡᠬᠡ ᠠᠩᠭᠢ ᠶ᠋ᠢᠨ ᠲᠡᠷᠭᠡᠨ ᠦ ᠬᠠᠮᠢᠶᠠᠷᠤᠯᠲᠠ ᠶ᠋ᠢᠨ ᠭᠠᠵᠠᠷ ᠳᠣᠳᠤᠭᠠᠳᠤ ᠶ᠋ᠢ ᠬᠠᠮᠠᠭᠠᠯᠠᠬᠤ ᠶᠠᠮᠤᠨ ᠡᠴᠠ ︿ ︿ ᠪᠦᠬᠦ ᠤᠯᠤᠰ ᠤᠨ ᠰᠢᠯᠢᠳᠡᠭ ᠰᠢᠶᠠᠨ ᠤ ᠳᠡᠰ ᠦᠨ ᠲᠡᠷᠭᠡᠨ ᠬᠠᠮᠢᠶᠠᠷᠤᠯᠲᠠ ᠶ᠋ᠢᠨ ᠭᠠᠵᠠᠷ ﹀ ﹀ ᠢᠶ᠋ᠡᠷ ᠥᠨᠡᠯᠡᠭᠳᠡᠪᠡ ᠃ ᠬᠤᠰᠢᠭᠤ ᠰᠢᠶᠠᠨ ᠤ ᠮᠥᠩᠭᠥᠨ ᠭᠦᠢᠯᠭᠡᠭᠡᠨ ᠦ ᠥᠭᠡᠷᠡᠴᠢᠯᠡᠯᠲᠡ ᠶ᠋ᠢ ᠯᠠᠪᠳᠠᠭᠤᠨ ᠢᠶᠠᠷ ᠠᠬᠢᠭᠤᠯᠵᠤ ᠂ ᠮᠥᠩᠭᠥᠨ ᠭᠦᠢᠯᠭᠡᠭᠡᠨ ᠦ ᠤᠶᠢᠯᠡᠴᠢᠯᠡᠭᠡ ᠶ᠋ᠢᠨ ᠲᠥᠪ ᠢ ᠲᠣᠷᠰᠢᠨ ᠬᠡᠷᠡᠭᠵᠢᠭᠦᠯᠪᠡ᠃    

      ᠪᠡᠭᠡᠵᠢᠩ ᠲᠢᠶᠠᠨᠵᠢᠨ ᠡᠾᠸᠪᠸᠢ ᠵᠡᠷᠭᠡ ᠬᠥᠭᠵᠢᠭᠰᠡᠨ ᠣᠷᠣᠨ ᠲᠠᠢ ᠬᠥᠳᠡᠯᠦᠩᠭᠦᠢ ᠵᠠᠯᠭᠠᠯᠳᠤᠵᠤ ᠂ ᠠᠵᠤ ᠤᠶᠢᠯᠡᠰ ᠢ ᠰᠢᠯᠵᠢᠭᠦᠯᠬᠦ ᠠᠷᠠᠯᠵᠢᠶᠠᠴᠢᠨ ᠤᠷᠢᠵᠤ ᠪᠡᠯᠡ ᠣᠷᠤᠭᠤᠯᠬᠤ ᠭᠡᠷ᠎ᠡ ᠶ᠋ᠢᠨ ᠲᠥᠷᠥᠯ45 ᠪᠣᠯᠵᠤ ᠂ ᠭᠡᠷ᠎ᠡ ᠶ᠋ᠢᠨ ᠮᠥᠩᠭᠥ 258.28 ᠳ᠋ᠦᠩᠰᠢᠭᠤᠷ ᠲᠥᠭᠦᠷᠢᠭ ᠲᠦ ᠬᠦᠷᠴᠦ ᠂ ᠡᠭᠦᠨ ᠳ᠋ᠦ ᠣᠷᠣᠨ ᠪᠠᠶᠢᠷᠢ ᠳ᠋ᠠᠭᠠᠨ ᠬᠦᠷᠦᠭᠰᠡᠨ ᠵᠣᠭᠤᠰ 29.47 ᠳ᠋ᠦᠩᠰᠢᠭᠤᠷ ᠲᠥᠭᠦᠷᠢᠭ ᠪᠠᠶᠢᠵᠤ ᠂ ᠪᠦᠬᠦ ᠬᠣᠲᠠ ᠶ᠋ᠢᠨ ᠬᠣᠶᠠᠳᠤᠭᠠᠷ ᠲᠤ ᠵᠢᠬᠰᠠᠭᠠᠬᠳᠠᠵᠠᠢ᠃                                                   ( ᠪᠤᠶᠠᠨᠴᠤᠬᠯᠠ )

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ