ᠵᠣᠤ ᠯᠸᠢ ᠵᠠᠯᠠᠭᠤ ᠶ᠋ᠢᠨ ᠵᠣᠷᠢᠭ ᠪᠤᠶᠤ ᠵᠢᠦᠨᠬᠦᠯ

ᠣᠩᠰᠢᠭᠰᠠᠨ ᠤᠳᠠᠭ᠎ᠠ ᠄ 25621     ᠨᠡᠶᠢᠳᠡᠯᠡᠭᠰᠡᠨ ᠴᠠᠭ ᠄ 2019/4/23 16:35:02


      ᠵᠣᠤ ᠯᠸᠢ ᠂ 2006 ᠣᠨ ᠳ᠋ᠤ ᠥᠪᠥᠷ ᠮᠤᠩᠭᠤᠯ ᠤᠨ ᠠᠵᠤ ᠤᠶᠢᠯᠡᠦᠨᠪᠦᠷᠢ ᠶ᠋ᠢᠨ ᠶᠡᠬᠡ ᠰᠤᠷᠭᠠᠭᠤᠯᠢ ᠡᠴᠠ ᠣᠨᠴᠠ ᠰᠢᠯᠢᠳᠡᠭ ᠬᠢᠷᠢ ᠪᠦᠳᠦᠮᠵᠢ ᠪᠡᠷ ᠲᠡᠭᠦᠰᠴᠦ ᠮᠸᠩ ᠨᠢᠦ ᠰᠦ ᠶ᠋ᠢᠨ ᠤᠶᠢᠯᠡᠰ ᠤᠨ ᠪᠦᠯᠦᠭᠯᠡᠯ ᠳ᠋ᠦ ᠰᠢᠯᠢᠭᠳᠡᠨ ᠡᠯᠰᠡᠭᠳᠡᠵᠦ  ᠂ ᠪᠣᠷᠤᠯᠠᠭᠤᠯᠤᠬᠴᠢ ᠵᠢᠩᠯᠢ ᠪᠡᠷ ᠤᠷᠢᠬᠳᠠᠨ ᠠᠵᠢᠯᠯᠠᠵᠠᠢ ᠃  ᠺᠣᠮᠫᠠᠨᠢ ᠶ᠋ᠢᠨ ᠵᠢᠯ ᠦᠨ ᠪᠣᠷᠤᠯᠠᠭᠤᠯᠭ᠎ᠠ ᠶ᠋ᠢᠨ ᠥᠷᠲᠡᠭ 3800 ᠲᠦᠮᠡᠨ ᠲᠥᠭᠦᠷᠢᠭ ᠪᠠᠶᠢᠬᠰᠠᠨ ᠢ ᠵᠢᠯ ᠭᠠᠷᠤᠢ ᠵᠣᠷᠢᠭ ᠬᠠᠲᠠᠭᠤ ᠢᠲᠡᠭᠡᠯ ᠲᠡᠭᠦᠯᠳᠡᠷ ᠥᠷᠯᠦᠭᠡ ᠦᠳᠡᠰᠢ ᠶ᠋ᠢ ᠲᠡᠮᠡᠴᠡᠨ  ᠠᠵᠢᠯᠯᠠᠭᠰᠠᠭᠠᠷ ᠪᠠᠶᠢᠵᠦ  ᠂ 6000 ᠲᠦᠮᠡᠨ ᠲᠥᠭᠦᠷᠢᠭ ᠪᠣᠯᠭᠠᠨ ᠳᠡᠭᠡᠭᠰᠢᠯᠡᠭᠦᠯᠦᠨ ᠺᠣᠮᠫᠠᠨᠢ ᠶ᠋ᠢᠨ ᠰᠠᠶᠢᠰᠢᠶᠠᠯ ᠢ  ᠶᠡᠬᠡᠳᠡ ᠣᠯᠵᠠᠢ ᠃

      ᠭᠡᠬᠦ ᠳ᠋ᠤ᠂ ᠲᠡᠭᠦᠨ ᠦ ᠨᠤᠲᠤᠭ ᠲᠠᠭᠠᠨ ᠪᠣᠴᠠᠨ ᠢᠷᠡᠵᠦ ᠤᠶᠢᠯᠡᠰ ᠪᠣᠰᠬᠠᠨ  ᠬᠥᠳᠡᠭᠡ ᠲᠣᠰᠬᠤᠨ ᠤ ᠰᠡᠷᠭᠦᠨ ᠮᠠᠨᠳᠤᠯᠲᠠ ᠳ᠋ᠤ ᠬᠦᠴᠦ ᠪᠡᠨ ᠡᠷᠭᠦᠬᠦ ᠬᠦᠰᠡᠯ ᠵᠣᠷᠢᠭ ᠨᠢ  ᠡᠵᠡᠯᠡᠵᠦ   ᠂ ᠬᠠᠰᠢᠯᠠ ᠨᠠᠢᠮᠠᠨ ᠬᠤᠰᠢᠭᠤᠨ ᠤ ᠰᠢᠷᠠᠬᠤᠭᠤᠯᠠᠢ ᠳ᠋ᠠᠭᠠᠨ ᠬᠠᠷᠢᠵᠤ ᠢᠷᠡᠵᠡᠢ ᠃ ᠡᠪᠦᠭᠡ ᠳᠡᠭᠡᠳᠦᠰ ᠡᠴᠡ ᠦᠶ᠎ᠡ ᠤᠯᠠᠷᠢᠨ ᠰᠠᠭᠤᠬᠰᠠᠨ ᠨᠤᠲᠤᠭ ᠤᠰᠤ ᠨᠢ ᠬᠠᠯᠠᠭᠤᠬᠠᠨ ᠰᠠᠨᠠᠬᠳᠠᠬᠤ ᠮᠦᠷᠲᠡᠭᠡᠨ ᠡᠨᠳᠡᠬᠢ ᠪᠠᠶᠢᠭᠠᠯᠢ ᠭᠠᠵᠠᠷ ᠵᠦᠢ ᠶ᠋ᠢᠨ ᠣᠨᠴᠠᠯᠢᠭ ᠢ ᠲᠣᠳᠤᠷᠬᠠᠢ  ᠤᠶᠢᠯᠠᠭᠠᠨ ᠂ ᠡᠯᠡᠰᠦᠷᠬᠡᠭ ᠠᠲᠠᠷ ᠭᠠᠵᠠᠷ ᠣᠢ ᠮᠣᠳᠣ ᠡᠯᠳᠡᠩ ᠢ ᠰᠠᠶᠢᠬᠠᠨ ᠮᠡᠳᠡᠳᠡᠭ ᠲᠡᠷᠡ ᠪᠡᠷ ᠳᠡᠵᠢᠭᠡᠪᠦᠷᠢ ᠶ᠋ᠢᠨ ᠤᠶᠢᠯᠡᠰ ᠡᠷᠬᠢᠯᠡᠨ ᠬᠡᠭᠡᠷ᠎ᠡ ᠶ᠋ᠢᠨ ᠭᠠᠬᠠᠢ  ᠲᠡᠵᠢᠭᠡᠬᠦ ᠪᠡᠷ ᠵᠣᠷᠢᠭ ᠰᠢᠭᠣᠤᠨᠴᠠᠢ ᠃

      ᠡᠶᠢᠨᠬᠦ ᠂ ᠤᠷᠢᠳ ᠬᠣᠵᠢᠳ ᠬᠠᠷᠠᠮᠦᠢᠷᠡᠨ ᠂ ᠬᠢᠷᠢᠨ ᠂ ᠱᠠᠨᠳᠦ᠋ᠩ  ᠵᠡᠷᠭᠡ ᠭᠠᠵᠠᠷ ᠤᠨ ᠬᠡᠭᠡᠷ᠎ᠡ ᠶ᠋ᠢᠨ ᠭᠠᠬᠠᠢ ᠳᠡᠵᠢᠭᠡᠵᠦ ᠪᠦᠬᠦᠢ ᠲᠠᠯᠠᠪᠠᠢ ᠪᠠᠷ ᠪᠠᠶᠢᠴᠠᠭᠠᠨ ᠦᠵᠡᠵᠦ  ᠠᠷᠠᠴᠢᠯᠠᠨ ᠬᠠᠮᠢᠶᠠᠷᠬᠤ ᠠᠷᠭ᠎ᠠ ᠲᠣᠷᠰᠢᠯᠭ᠎ᠠ ᠰᠤᠷᠤᠯᠴᠠᠨ ᠳᠠᠭᠠᠤ ᠳ᠋ᠦ᠋ᠨᠢ ᠲᠢᠶᠠᠨᠵᠢᠨ ᠂ ᠪᠡᠭᠡᠵᠢᠩ ᠦᠨ ᠪᠣᠷᠤᠯᠠᠭᠤᠯᠬᠤ ᠵᠠᠬ᠎ᠠ ᠲᠡᠯᠭᠡᠭᠦᠷ ᠲᠦ ᠪᠠᠶᠢᠴᠠᠭᠠᠨ ᠰᠤᠳᠤᠯᠤᠯᠲᠠ ᠬᠢᠵᠦ  ᠂ ᠬᠡᠭᠡᠷ᠎ᠡ ᠶ᠋ᠢᠨ ᠭᠠᠬᠠᠢ ᠲᠡᠵᠢᠭᠡᠬᠦ ᠨᠢ ᠪᠡᠯᠡ ᠣᠷᠤᠭᠤᠯᠤᠯᠲᠠ ᠪᠠᠭ᠎ᠠ ᠂ ᠠᠮᠵᠢᠯᠲᠠ ᠣᠯᠬᠤ ᠨᠢ ᠲᠥᠷᠭᠡᠨ ᠂ ᠠᠰᠢᠭ ᠬᠣᠨᠵᠢᠪᠤᠷᠢ ᠥᠨᠳᠦᠷ ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠨᠢᠭᠡᠨ ᠰᠠᠶᠢᠨ ᠲᠥᠷᠥᠯ ᠵᠦᠢᠯ ᠪᠣᠯᠬᠤ ᠶ᠋ᠢ ᠢᠲᠡᠭᠡᠵᠦ ᠂ ᠲᠡᠷᠡ ᠪᠡᠷ 100 ᠲᠦᠮᠡᠨ ᠲᠥᠭᠦᠷᠢᠭ ᠦᠨ ᠪᠡᠯᠡ ᠣᠷᠤᠭᠤᠯᠤᠨ ᠂ ᠲᠣᠰᠬᠤᠨ ᠡᠴᠠ 20 ᠮᠦ ᠠᠲᠠᠷ ᠭᠠᠵᠠᠷ ᠠᠪᠴᠤ ᠂ ᠨᠢᠭᠡᠨ ᠪᠠᠷᠢᠮᠵᠢᠶᠠᠲᠤ ᠣᠨᠴᠠᠭᠠᠢ ᠲᠦᠷᠦᠯ ᠦᠨ ᠬᠡᠭᠡᠷ᠎ᠡ ᠶ᠋ᠢᠨ ᠭᠠᠬᠠᠢ ᠨᠣᠮᠣᠤᠨᠬᠠᠨ ᠲᠡᠵᠢᠭᠡᠬᠦ ᠰᠠᠭᠤᠷᠢᠨ ᠭᠠᠵᠠᠷ ᠢ  ᠪᠠᠶᠢᠭᠤᠯᠵᠤ ᠂ ᠶᠡᠬᠡ ᠬᠢᠩᠭᠠᠨ ᠳᠠᠪᠠᠭ᠎ᠠ ᠪᠠ ᠴᠠᠩ ᠪᠠᠢ ᠱᠠᠨ ᠡᠴᠠ ᠪᠠᠷᠢᠮᠵᠢᠶᠠᠲᠤ ᠲᠥᠷᠥᠯ ᠦᠨ100 ᠢᠯᠡᠭᠦᠦ ᠭᠠᠬᠠᠢ ᠠᠪᠴᠢᠷᠠᠨ ᠂ 《 ᠬᠠᠰᠢᠶᠠᠯᠠᠨ ᠲᠡᠵᠢᠭᠡᠬᠦ + ᠰᠤᠯᠠ ᠲᠡᠵᠢᠭᠡᠬᠦ 》 ᠠᠷᠭ᠎ᠠ ᠶ᠋ᠢ ᠬᠡᠷᠡᠭᠯᠡᠨ  ᠂  ᠲᠣᠷᠤᠢ ᠶ᠋ᠢ ᠨᠢ ᠬᠠᠰᠢᠶᠠᠯᠠᠨ ᠲᠡᠵᠢᠭᠡᠵᠦ 50 ᠵᠢᠩ ᠰᠢᠬᠠᠮ ᠪᠣᠯᠭᠠᠪᠠᠯ ᠣᠶᠢᠳᠣ ᠣᠷᠣᠨ ᠠᠲᠠᠷ ᠬᠡᠭᠡᠷ᠎ᠡ ᠳᠤᠷ᠎ᠠ ᠪᠠᠷ ᠲᠠᠯᠪᠢᠨ ᠰᠤᠯᠠ ᠪᠠᠷ ᠲᠣᠭᠤᠷᠢᠭᠤᠯᠤᠨ ᠲᠡᠵᠢᠭᠡᠬᠦ ᠶ᠋ᠢ ᠪᠠᠷᠢᠮᠲᠠᠯᠠᠵᠠᠢ ᠃ ᠬᠤᠪᠢ ᠪᠠᠷ ᠢᠶᠡᠨ ᠡᠷᠳᠡᠨᠢ ᠰᠢᠰᠢ ᠂ ᠰᠢᠷ᠎ᠠ ᠪᠤᠷᠴᠠᠭ ᠂ ᠬᠤᠨᠴᠢᠷ ᠲᠠᠷᠢᠵᠤ ᠲᠡᠵᠢᠭᠡᠯ ᠪᠣᠷᠳᠤᠭ᠎ᠠ ᠪᠠᠨ ᠬᠠᠩᠭᠠᠨ12 ᠰᠠᠷ᠎ᠠ ᠪᠣᠯᠪᠠᠯ ᠬᠤᠳᠠᠯᠳᠤᠨ ᠂2008 ᠣᠨ ᠡᠴᠠ ᠨᠠᠰᠢ 2200 ᠭᠠᠷᠤᠢ ᠭᠠᠬᠠᠢ ᠬᠤᠳᠠᠯᠳᠤᠵᠤ ᠂ 7 ᠣᠷᠤᠨᠳᠤ ᠲᠣᠭ᠎ᠠ ᠶ᠋ᠢᠨ ᠣᠷᠤᠯᠭ᠎ᠠ ᠣᠯᠵᠤ ᠂ ᠰᠢᠭᠣᠤᠨ ᠪᠤᠶᠤ ᠳᠠᠮ ᠢᠶᠠᠷ 200 ᠢᠯᠡᠭᠦᠦ ᠬᠦᠮᠦᠨ ᠳ᠋ᠦ ᠠᠵᠢᠯ ᠣᠯᠭᠤᠵᠤ ᠂ ᠤᠷᠢᠳ ᠬᠣᠵᠢᠳ 30 ᠭᠠᠷᠤᠢ ᠤᠶᠤᠲᠠᠨ ᠲᠣᠭᠤᠷᠢᠨ ᠦᠵᠡᠵᠦ ᠰᠤᠷᠤᠯᠴᠠᠨ   ᠪᠠᠰᠠ ᠳᠡᠬᠦᠨ ᠲᠠᠢ ᠠᠳᠠᠯᠢ ᠪᠠᠷ ᠬᠡᠭᠡᠷ᠎ᠡ ᠶ᠋ᠢᠨ ᠭᠠᠬᠠᠢ ᠲᠡᠵᠢᠭᠡᠵᠡᠢ ᠃

       ᠵᠣᠤ ᠯᠸᠢ 《ᠨᠠᠢᠮᠠᠨ ᠬᠤᠰᠢᠭᠤᠨ ᠤ ᠮᠸᠩ ᠯᠦᠩ ᠲᠡᠵᠢᠭᠡᠪᠦᠷᠢ ᠶ᠋ᠢᠨ ᠲᠤᠰᠬᠠᠢ ᠬᠣᠷᠰᠢᠶᠠᠵᠢᠯ 》 ᠪᠠᠶᠢᠭᠤᠯᠵᠤ ᠂ ᠬᠡᠭᠡᠷ᠎ᠡ ᠶ᠋ᠢᠨ ᠭᠠᠬᠠᠢ ᠲᠡᠵᠢᠭᠡᠬᠦ ᠤᠶᠢᠯᠡᠰ ᠢᠶᠡᠨ ᠥᠷᠭᠡᠦᠨᠬᠡᠨ ᠂ ᠲᠣᠰ ᠣᠷᠣᠨ ᠤ ᠠᠷᠠᠳ ᠲᠤ ᠭᠠᠬᠠᠢ ᠪᠠ ᠮᠡᠷᠭᠡᠵᠢᠯ ᠬᠠᠩᠭᠠᠵᠤ ᠂ ᠲᠡᠵᠢᠭᠡᠪᠦᠷᠢ ᠶ᠋ᠢᠨ ᠡᠷᠦᠬᠡ ᠶ᠋ᠢᠨ ᠪᠣᠷᠤᠯᠠᠭᠤᠯᠭ᠎ᠠ ᠳ᠋ᠤ ᠬᠠᠮᠵᠢᠨ ᠳᠡᠦᠨᠬᠦᠵᠦ ᠪᠤᠢ ᠃ ᠵᠣᠤ ᠯᠸᠢ ᠤᠷᠢᠳ ᠬᠣᠵᠢᠳ 《 ᠰᠢᠷᠠᠬᠤᠭᠤᠯᠠᠢ ᠪᠠᠯᠭᠠᠰᠤᠨ ᠤ ᠲᠠᠷᠢᠵᠤ ᠲᠡᠵᠢᠭᠡᠬᠦ ᠤᠶᠢᠯᠡᠰ ᠤᠨ ᠬᠤᠰᠢᠭᠤᠴᠢ》 ᠂ 《 ᠨᠠᠢᠮᠠᠨ ᠬᠤᠰᠢᠭᠤᠨ ᠤ ᠠᠷᠪᠠᠨ ᠭᠠᠷᠮᠠᠭᠠᠢ ᠵᠠᠯᠠᠭᠤ 》᠂ 《ᠲᠥᠩᠯᠢᠶᠣᠤ ᠬᠣᠲᠠ ᠶ᠋ᠢᠨ ᠵᠠᠯᠠᠭᠤ ᠤᠶᠢᠯᠡᠰ ᠪᠦᠳᠦᠭᠡᠭᠴᠢ ᠴᠢᠳᠠᠪᠤᠷᠢᠲᠠᠨ》 ᠤ ᠴᠣᠯᠠ ᠬᠦᠷᠲᠡᠵᠡᠢ ᠃ 2012  ᠣᠨ ᠳ᠋ᠤ  ᠂  ᠡᠪ ᠬᠠᠮᠳᠤ ᠵᠠᠯᠠᠭᠤᠴᠤᠳ ᠤᠨ ᠥᠪᠥᠷ ᠮᠤᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠪᠠᠨ ᠭᠤᠷᠪᠠᠳᠤᠭᠠᠷ ᠤᠳᠠᠭᠠᠨ ᠤ ᠲᠥᠯᠦᠭᠡᠯᠡᠭᠴᠢ  ᠪᠣᠯᠵᠤ ᠂ 2013 ᠣᠨ ᠳ᠋ᠤ ᠤᠯᠤᠰ ᠤᠨ ᠲᠠᠷᠢᠶᠠᠯᠠᠩ ᠤᠨ ᠶᠠᠮᠤᠨ ᠪᠣᠯᠣᠨ ᠡᠪᠯᠡᠯ ᠦᠨ ᠲᠥᠪ ᠬᠣᠷᠢᠶᠠᠨ  ᠡᠴᠡ《  ᠪᠦᠬᠦ ᠤᠯᠤᠰ ᠤᠨ ᠬᠥᠳᠡᠭᠡ ᠲᠣᠰᠬᠤᠨ ᠤ ᠵᠠᠯᠠᠭᠤᠴᠤᠳ ᠤᠨ ᠪᠠᠶᠠᠵᠢᠯ ᠤᠨ ᠳᠠᠭᠠᠭᠤᠯᠤᠬᠴᠢ  》ᠶ᠋ᠢᠨ ᠢᠷᠠᠭᠤ ᠥᠨᠡᠮᠯᠡᠯ ᠣᠯᠭᠤᠵᠠᠢ ᠃            ᠯᠢ ᠪᠤᠶᠠᠨᠴᠤᠬᠯᠠ  ᠮᠠᠳᠠᠭᠡᠯᠡᠪᠠᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ