《ᠳᠠᠪᠤᠨ ᠰᠠᠷ᠎ᠠ ᠶ᠋ᠢᠨ ᠨᠢᠭᠡᠨ》 ᠦ ᠪᠠᠭ᠎ᠠ ᠠᠮᠠᠷᠠᠯᠳᠠ ᠳ᠋ᠤ ᠂ ᠨᠠᠢᠮᠠᠨ ᠬᠤᠰᠢᠭᠤᠨ ᠤ ᠵᠤᠭᠠᠴᠡᠯ ᠪᠠᠰᠠ ᠯᠡ ᠶᠠᠬᠡ ᠬᠦᠭᠵᠢᠶᠠᠨᠳᠡᠢ

ᠣᠩᠰᠢᠭᠰᠠᠨ ᠤᠳᠠᠭ᠎ᠠ ᠄ 15365     ᠨᠡᠶᠢᠳᠡᠯᠡᠭᠰᠡᠨ ᠴᠠᠭ ᠄ 2019/5/6 14:53:20


     《ᠳᠠᠪᠤᠨ ᠰᠠᠷ᠎ᠠ ᠶ᠋ᠢᠨ ᠨᠢᠭᠡᠨ》 ᠦ ᠪᠠᠭ᠎ᠠ ᠠᠮᠠᠷᠠᠯᠳᠠ ᠳ᠋ᠤ  ᠂ ᠨᠠᠢᠮᠠᠨ ᠬᠤᠰᠢᠭᠤᠨ ᠤ ᠬᠦᠭᠵᠢᠶᠠᠨᠳᠡᠢ ᠡᠯᠡᠰᠦ ᠮᠠᠩᠬ᠎ᠠ ᠂ ᠦᠨᠳᠤᠰᠤᠳᠠᠨ ᠤ ᠵᠠᠩ ᠤᠵᠵᠯᠡ ᠪᠦᠬᠦᠢ ᠰᠦᠮ᠎ᠡ ᠶ᠋ᠢᠨ ᠠᠶᠢᠯ ᠵᠡᠷᠭᠡ ᠵᠤᠭᠠᠴᠠᠯ ᠤᠨ ᠭᠠᠵᠠᠷ ᠢᠶ᠋ᠡᠷ  ᠵᠤᠭᠠᠴᠠᠭᠰᠠᠳ ᠮᠠᠨᠢ ᠵᠢᠭᠠᠰᠤᠴᠢᠨ ᠤ ᠪᠠᠶᠠᠷᠳᠤ ᠠᠶᠠᠯᠠᠯ ᠂ ᠦᠪᠡᠷᠳᠡᠭᠡᠨ ᠳᠡᠷᠭᠡ ᠵᠢᠯᠤᠭᠤᠳᠴᠤ ᠭᠡᠭᠡᠷ᠎ᠡ ᠪᠠᠭᠤᠳᠠᠯᠯᠠᠬᠤ  ᠵᠡᠷᠭᠡ ᠠᠯᠢ ᠤᠯᠠᠨ ᠵᠤᠭ᠎ᠠ ᠴᠠᠩᠬᠡᠯ ᠤᠨ ᠨᠠᠭᠠᠳᠤᠮ ᠢᠶᠠᠷ ᠳᠤᠭᠯᠠᠵᠤ ᠂ ᠳᠠᠭᠠᠳᠠᠢ ᠵᠤᠭᠠᠴᠠᠵᠦ ᠂ ᠳᠠᠪᠠᠳᠠᠢ ᠨᠠᠶᠢᠷᠡᠯᠳᠤᠵᠠᠭᠠᠨ ᠂ ᠤᠳᠬ᠎ᠠ ᠠᠭᠤᠯᠭ᠎ᠠ ᠲᠠᠢ ᠠᠮᠠᠷᠠᠯᠳᠠ ᠶ᠋ᠢᠨ ᠡᠳᠤᠷ ᠢᠶᠡᠨ ᠦᠩᠭᠡᠷᠡᠭᠡᠯ᠎ᠡ ᠃
      5 ᠰᠠᠷ᠎ᠡ ᠶ᠋ᠢᠨ 1 —4 ᠦ ᠡᠳᠤᠷ ᠪᠤᠯᠳᠠᠯ᠎ᠠ ᠂ ᠬᠦᠯᠢᠶᠠᠨ ᠠᠪᠤᠭᠰᠠᠨ ᠵᠤᠭᠠᠴᠠᠭᠰᠠᠳ 16  ᠳᠦᠮᠡ ᠤᠳᠠᠭ᠎ᠠ ᠳ᠋ᠤ ᠬᠦᠷᠴᠤ ᠂  ᠵᠤᠭᠠᠴᠠᠯ ᠤᠨ ᠶᠠᠷᠤᠩᠬᠡᠢ ᠤᠷᠤᠯᠭ᠎ᠠ 8600 ᠳᠦᠮᠠᠨ  ᠲᠦᠬᠦᠷᠢᠭ ᠲᠦ ᠬᠦᠷᠴᠤ ᠂ ᠳᠤᠬᠠᠢ ᠶ᠋ᠢᠨ ᠭᠠᠵᠠᠷ ᠤᠨ ᠠᠷᠠᠳ ᠳᠦᠮᠡᠨ ᠠᠰᠢᠭ ᠢ ᠰᠢᠭᠤᠳ ᠬᠦ᠋ᠷᠳᠠᠵᠡᠢ ᠃
      ᠵᠤᠭᠠᠴᠠᠭᠰᠠᠳ ᠭᠤᠤᠯᠳᠠᠭᠤ ᠪᠠᠭᠡᠵᠢᠩ ᠂ ᠬᠢᠷᠢᠨ ᠂ ᠯᠢᠶᠣᠤᠨᠢᠩ ᠂ ᠬᠠᠷᠠᠮᠦ᠋ᠷᠡᠨ ᠵᠡᠷᠭᠡ ᠮᠤᠵᠢ ᠬᠤᠳᠠ ᠶ᠋ᠢᠨ ᠤᠶᠤᠳᠠᠳ ᠂ ᠭᠡᠷᠡᠯ ᠰᠡᠬᠦᠳᠡᠷᠯᠡᠭᠴᠢᠳ  ᠂ ᠦᠪᠡᠷ ᠢᠶ᠋ᠡᠨ ᠳᠡᠷᠭᠡ ᠵᠢᠯᠤᠭᠤᠳᠴᠤ ᠵᠤᠭᠠᠴᠠᠭᠰᠠᠳ ᠂ ᠵᠢᠭᠤᠯᠴᠢᠯᠠᠭᠴᠢᠳ ᠤᠨ ᠪᠦᠯᠬᠦᠮ ᠵᠡᠷᠭᠡ ᠪᠠᠷ ᠪᠦᠷᠢᠯᠳᠤᠵᠠᠢ  ᠃

     ᠵᠤᠭᠠᠴᠠᠯ ᠤᠨ ᠬᠤᠭᠤᠴᠠᠭᠠᠨ ᠳ᠋ᠤ ᠂ ᠵᠠᠬ᠎ᠠ ᠳᠠᠯᠭᠡᠭᠦᠷ ᠡᠮᠬᠢ ᠵᠠᠮᠪᠠᠷᠠᠭ᠎ᠠ ᠲᠠᠢ ᠂ ᠠᠮᠤᠷ ᠳᠦᠪᠰᠢᠨ ᠦ ᠳᠤᠬᠠᠢ ᠡᠨᠳᠡᠭᠳᠡᠯ ᠪᠠ ᠵᠤᠭᠠᠴᠠᠯ ᠤᠨ ᠳᠤᠬᠠᠢ ᠵᠠᠭᠠᠯᠳᠤᠯᠭ᠎ᠠ ᠭᠡᠵᠦ ᠦᠭᠡᠢ  ᠃  ᠬᠡᠳᠤᠨ ᠵᠢᠯ ᠦᠨ ᠰᠢᠷᠠᠭᠠᠭᠤ ᠪᠦᠳᠦᠭᠡᠨ  ᠪᠠᠶᠢᠭᠤᠯᠤᠯᠳᠠ ᠪᠠ ᠤᠬᠠᠭᠤᠯᠭ᠎ᠠ ᠪᠠᠷ ᠳᠠᠮᠵᠢᠨ ᠂ ᠨᠠᠢᠮᠠᠨ ᠬᠤᠰᠢᠭᠤᠨ ᠤ ᠪᠤᠭᠤᠳᠤ —ᠳᠤᠮᠳᠠᠳᠤ ᠤᠯᠤᠰ ᠤᠨ ᠵᠡᠬᠦᠨ ᠭᠡᠰᠡᠭ ᠦᠨ ᠬᠠᠮᠤᠭ ᠶᠠᠭᠡ ᠡᠯᠡᠰᠦ ᠮᠠᠩᠬᠠᠨ ᠤ ᠳᠠᠪᠠᠭᠤᠯᠢᠭ ᠪᠠᠶᠢᠳᠠᠯ ᠨᠠᠩ ᠳᠤᠪᠤᠶᠢᠮ᠎ᠠ ᠢᠯᠡᠷᠡᠵᠦ ᠂ ᠨᠠᠢᠮᠠᠨ ᠬᠤᠰᠢᠭᠤᠨ ᠤ ᠵᠤᠭᠠᠴᠠᠯ ᠤᠨ  ᠦᠢᠯᠡᠰ ᠴᠦ  ᠨᠠᠩ ᠰᠠᠶᠢᠨ ᠬᠦᠭᠵᠢᠬᠦ   ᠬᠠᠨᠳᠤᠰᠢ ᠲᠠᠢ ᠪᠣᠯᠵᠠᠢ ᠃ ( ᠪᠤᠤ ᠵᠢᠨ ᠯᠢᠶᠠᠨ  )




ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ