ᠨᠠᠢᠮᠠᠨ ᠬᠤᠰᠢᠭᠤᠨ ᠤ ᠲᠣᠰᠬᠤᠨ ᠤ ᠬᠣᠶᠠᠷ ᠺᠠᠳ᠋ᠷ ᠬᠠᠷᠭᠢᠰ ᠬᠦᠴᠦᠨ ᠦ ᠬᠠᠮᠠᠭᠠᠯᠠᠬᠴᠢ ᠪᠣᠯᠵᠤ ᠰᠢᠢᠳᠭᠡᠭᠳᠡᠪᠡ

ᠣᠩᠰᠢᠭᠰᠠᠨ ᠤᠳᠠᠭ᠎ᠠ ᠄ 2137     ᠨᠡᠶᠢᠳᠡᠯᠡᠭᠰᠡᠨ ᠴᠠᠭ ᠄ 2019/5/5 14:53:50


     ᠨᠠᠢᠮᠠᠨ ᠬᠤᠰᠢᠭᠤᠨ ᠤ ᠰᠢᠨ ᠵᠸᠨ ᠪᠠᠯᠭᠠᠰᠤᠨ ᠤ ᠱᠢ ᠪᠸᠢ ᠲᠣᠰᠬᠤᠨ ᠤ ᠣᠤᠯ ᠤᠨ ᠨᠠᠮ ᠤᠨ ᠡᠭᠦᠷ ᠦᠨ ᠱᠦᠵᠢ ᠯᠢᠦ ᠴᠥᠨ ᠢᠦᠢ ᠂ ᠣᠤᠯ ᠤᠨ ᠲᠣᠰᠬᠤᠨ ᠤ ᠠᠷᠠᠳ ᠤᠨ ᠵᠦᠪᠯᠡᠯ ᠦᠨ ᠡᠷᠬᠢᠯᠡᠭᠴᠢ ᠵᠠᠩ ᠶᠠᠨ ᠵᠢᠶᠦ᠋ᠨ ᠬᠠᠷᠭᠢᠰ ᠬᠦᠴᠦᠨ ᠦ 《 ᠬᠠᠮᠠᠭᠠᠯᠠᠬᠴᠢ ᠰᠢᠬᠦᠷ 》  ᠪᠣᠯᠵᠤ ᠪᠠᠶᠢᠴᠠᠭᠠᠬᠳᠠᠨ  ᠰᠢᠢᠳᠭᠡᠭᠳᠡᠪᠡ  ᠃ 2015 ᠣᠨ ᠤ 9 ᠰᠠᠷ᠎ᠠ ᠳ᠋ᠤ ᠂ ᠵᠣᠤ ᠣᠪᠣᠬᠳᠦ ᠯᠢᠦ ᠴᠥᠨ ᠢᠦᠢ ᠶ᠋ᠢ ᠡᠷᠢᠵᠦ ᠲᠣᠰᠬᠤᠨ ᠤ ᠭᠣᠤᠯ ᠤᠨ ᠰᠣᠪᠠᠭ ᠢ ᠳᠠᠭᠠᠭᠠᠴᠢᠯᠠᠨ ᠠᠪᠴᠤ ᠬᠠᠶᠢᠷ ᠡᠯᠡᠰᠦ ᠮᠠᠯᠲᠠᠬᠤ ᠪᠠᠨ ᠢᠯᠡᠦᠨᠬᠡᠭᠰᠡᠨ ᠳ᠋ᠦ ᠯᠢᠦ ᠂ ᠵᠠᠩ ᠬᠣᠶᠠᠭᠤᠯᠠ ᠵᠥᠪᠳᠡᠯᠴᠡᠨ ᠨᠢᠭᠡᠨ ᠪᠣᠷᠤᠭᠤ ᠬᠡᠷᠡᠭ ᠤᠶᠢᠯᠡᠦᠨᠴᠡᠢ ᠃  ᠳᠠᠷᠤᠢ  ᠯᠢᠦ ᠂ ᠵᠠᠩ ᠬᠣᠶᠠᠭᠤᠯᠠ ᠠᠵᠢᠯ ᠤᠨ ᠵᠢᠷᠤᠮ ᠢ ᠵᠦᠷᠢᠴᠡᠵᠦ ᠲᠣᠰᠬᠤᠨ ᠤ ᠠᠷᠠᠳ ᠤᠨ ᠲᠥᠯᠦᠭᠡᠯᠡᠭᠴᠢ ᠶ᠋ᠢᠨ ᠬᠤᠷᠠᠯ ᠤᠨ ᠲᠡᠮᠳᠡᠭᠯᠡᠯ ᠢ ᠬᠠᠭᠤᠷᠮᠠᠭ ᠵᠣᠬᠢᠶᠠᠨ ᠂ ᠲᠣᠰᠬᠤᠨ ᠤ ᠠᠷᠠᠳ ᠤᠨ ᠲᠥᠯᠦᠭᠡᠯᠡᠭᠴᠢ  ᠢᠶ᠋ᠡᠷ  ᠭᠠᠷ ᠤᠨ ᠦᠰᠦᠭ ᠢ  ᠨᠢ ᠵᠢᠷᠤᠭᠤᠯᠵᠤ ᠲᠣᠰᠬᠤᠨ ᠤ ᠭᠣᠤᠯ ᠤᠨ ᠰᠣᠪᠠᠭ ᠤᠨ 177 ᠮᠦ ᠭᠠᠵᠠᠷ ᠤᠨ ᠡᠵᠡᠩᠨᠡᠨ ᠬᠡᠷᠡᠭᠯᠡᠬᠦ ᠡᠷᠬᠡ ᠶ᠋ᠢ 1.5 ᠲᠦᠮᠡᠨ ᠲᠥᠭᠦᠷᠢᠭ ᠦᠨ ᠳᠣᠤᠷ᠎ᠠ ᠦᠨ᠎ᠡ ᠪᠡᠷ ᠵᠣᠤ ᠣᠪᠣᠬᠳᠦ ᠳ᠋ᠤ ᠳᠠᠭᠠᠭᠠᠴᠢᠯᠠᠭᠤᠯᠤᠨ ᠥᠭᠴᠡᠢ ᠃ 2015--- 2017 ᠣᠨ ᠳ᠋ᠤ ᠂ ᠵᠣᠤ ᠣᠪᠣᠬᠳᠦ ᠭᠣᠤᠯ ᠤᠨ ᠰᠣᠪᠠᠭ ᠤᠨ ᠳᠣᠳᠤᠷ᠎ᠠ ᠬᠠᠶᠢᠷ ᠡᠯᠡᠰᠦ ᠮᠠᠯᠲᠠᠵᠤ ᠂ ᠯᠢᠦ ᠂ ᠵᠠᠩ ᠬᠣᠶᠠᠭᠤᠯᠠ ᠲᠡᠭᠡᠭᠡᠪᠦᠷᠢ ᠶ᠋ᠢᠨ ᠤᠶᠢᠯᠡᠰ ᠡᠷᠬᠢᠯᠡᠨ ᠵᠣᠤ ᠣᠪᠣᠬᠳᠦ ᠳ᠋ᠤ ᠬᠠᠪᠰᠤᠷᠴᠠᠢ ᠃  ᠵᠣᠤ ᠣᠪᠣᠬᠳᠦ ᠢᠩᠬᠢᠬᠡᠳ ᠪᠠᠰᠠ ᠬᠠᠨᠤᠰᠢ ᠦᠭᠡᠢ ᠪᠠᠶᠢᠵᠦ ᠂  2017 ᠣᠨ ᠤ 3 ᠰᠠᠷ᠎ᠠ ᠡᠴᠠ 10 ᠰᠠᠷ᠎ᠠ ᠪᠣᠯᠲᠠᠯ᠎ᠠ ᠂ ᠭᠠᠵᠠᠷ ᠰᠢᠷᠣᠢ ᠶ᠋ᠢ  ᠡᠪᠳᠠᠯᠵᠦ ᠭᠣᠤᠯ ᠤᠨ ᠵᠠᠮ ᠰᠣᠪᠠᠭ ᠢ ᠥᠷᠭᠡᠦᠨᠬᠡᠨ ᠡᠵᠡᠷᠬᠡᠭᠯᠡᠨ ᠡᠵᠡᠯᠡᠬᠦ ᠶ᠋ᠢᠨ ᠳᠠᠭᠠᠤ ᠲᠣᠰᠬᠤᠨ ᠤ ᠠᠷᠠᠳ ᠢ ᠬᠠᠷᠢᠶᠠᠵᠤ ᠵᠣᠳᠤᠬᠤ ᠵᠡᠷᠭᠡ ᠰᠦᠷᠲᠡᠭᠦᠯᠦᠯ ᠬᠦᠴᠦᠷᠬᠡᠭᠵᠢᠯ ᠦᠨ ᠠᠷᠭ᠎ᠠ ᠪᠠᠷ ᠲᠣᠰᠬᠤᠨ ᠤ ᠭᠠᠵᠠᠷ ᠢ 757 ᠮᠦ ᠠᠪᠴᠠᠢ ᠃ ᠡᠭᠦᠨ ᠳ᠋ᠦ ᠲᠠᠷᠢᠶᠠᠨ ᠭᠠᠵᠠᠷ 40 ᠮᠦ ᠪᠤᠢ ᠃ ᠯᠢᠦ ᠂ ᠵᠠᠩ ᠬᠣᠶᠠᠭᠤᠯᠠ ᠵᠣᠤ ᠣᠪᠣᠬᠳᠦ ᠶ᠋ᠢᠨ ᠡᠨᠡ ᠬᠦ ᠬᠠᠷ᠎ᠠ ᠬᠣᠤᠷᠳᠣ ᠰᠦᠷᠲᠡᠭᠦᠯᠦᠯ ᠦᠨ ᠠᠵᠢᠯᠯᠠᠭ᠎ᠠ ᠶ᠋ᠢ ᠬᠣᠷᠢᠬᠯᠠᠬᠤ ᠦᠭᠡᠢ ᠂  ᠬᠠᠮᠢᠶᠠᠷᠬᠤ ᠦᠭᠡᠢ ᠂ ᠮᠡᠳᠡᠭᠦᠯᠬᠦ ᠦᠭᠡᠢ 《ᠮᠠᠨᠠᠭᠤᠯ 》 ᠪᠣᠯᠵᠤ ᠰᠠᠭᠤᠵᠠᠢ ᠃ 2018 ᠣᠨ ᠤ 5 ᠰᠠᠷ᠎ᠠ ᠳ᠋ᠤ ᠂ ᠨᠠᠢᠮᠠᠨ ᠬᠤᠰᠢᠭᠤᠨ ᠤ ᠳᠣᠳᠤᠭᠠᠳᠤ ᠶ᠋ᠢ ᠬᠠᠮᠠᠭᠠᠯᠠᠬᠤ ᠲᠣᠪᠴᠢᠶ᠎ᠠ ᠵᠣᠤ ᠣᠪᠣᠬᠳᠦ ᠵᠡᠷᠭᠡ ᠬᠦᠮᠦᠰ ᠢ ᠬᠠᠷ᠎ᠠ ᠪᠦᠯᠦᠭᠲᠡᠨ ᠬᠠᠷᠭᠢᠰ ᠬᠦᠴᠦᠨ ᠦ ᠪᠦᠯᠭᠦᠮ ᠢᠶ᠋ᠡᠷ ᠴᠣᠬᠢᠯᠲᠠ ᠥᠭᠴᠦ ᠂ ᠯᠢᠦ ᠂ ᠵᠠᠩ ᠬᠣᠶᠠᠭᠤᠯᠠ 《 ᠬᠠᠮᠠᠭᠠᠯᠠᠬᠴᠢ ᠰᠢᠬᠥᠷ 》 ᠢᠶᠠᠷ ᠪᠠᠶᠢᠴᠠᠭᠠᠬᠳᠠᠨ ᠰᠢᠢᠳᠭᠡᠭᠳᠡᠪᠡ  ᠃
                                        ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ