ᠨᠠᠢᠮᠠᠨ ᠬᠤᠰᠢᠭᠤᠨ ᠳ᠋ᠤ《 ᠨᠠᠢᠮᠠᠨ ᠬᠤᠰᠢᠭᠤᠨ ᠤ ᠮᠤᠩᠭᠤᠯ ᠦᠨᠳᠤᠰᠤᠳᠠᠨ ᠤ ᠵᠠᠩ ᠦᠢᠯᠡ 》 ᠶ᠋ᠢᠨ ᠳᠠᠷᠬᠠᠭᠠᠯᠳᠠ  ᠶ᠋ᠢᠨ ᠶᠤᠰᠤᠯᠠᠯ ᠪᠤᠯᠪᠠ

ᠣᠩᠰᠢᠭᠰᠠᠨ ᠤᠳᠠᠭ᠎ᠠ ᠄ 27228     ᠨᠡᠶᠢᠳᠡᠯᠡᠭᠰᠡᠨ ᠴᠠᠭ ᠄ 2019/3/22 16:00:26         3 ᠰᠠᠷ᠎ᠠ ᠶ᠋ᠢᠨ 21 ᠦ ᠡᠳᠤᠷ ᠂《 ᠨᠠᠢᠮᠠᠨ ᠬᠤᠰᠢᠭᠤᠨ ᠤ ᠮᠤᠩᠭᠤᠯ ᠦᠨᠳᠤᠰᠤᠳᠠᠨ ᠤ ᠵᠠᠩ ᠦᠢᠯᠡ》( ᠳᠤᠳᠤᠭᠠᠳᠤ ᠳ᠋ᠤ ᠭᠡᠷᠡᠭᠯᠡᠬᠦ ᠮᠠᠲ᠋ᠸᠷᠢᠶᠠᠯ) ᠶ᠋ᠢᠨ ᠳᠠᠷᠬᠠᠭᠠᠯᠳᠠ ᠶ᠋ᠢᠨ ᠶᠤᠰᠤᠯᠠᠯ ᠪᠤᠯᠪᠠ ᠃
      《 ᠨᠠᠢᠮᠠᠨ ᠬᠤᠰᠢᠭᠤᠨ ᠤ ᠮᠤᠩᠭᠤᠯ ᠦᠨᠳᠤᠰᠤᠳᠠᠨ ᠤ ᠵᠠᠩ ᠦᠢᠯᠡ》(ᠳᠤᠳᠤᠭᠠᠳᠤ ᠳ᠋ᠤ ᠭᠡᠷᠡᠭᠯᠡᠬᠦ ᠮᠠᠲ᠋ᠸᠷᠢᠶᠠᠯ) ᠪᠤᠯ ᠤᠯᠤᠰ ᠳᠦᠷᠦ ᠶ᠋ᠢᠨ ᠵᠦᠪᠯᠡᠯᠭᠡᠨ ᠦ ᠨᠠᠢᠮᠠᠨ ᠬᠤᠰᠢᠭᠤᠨ ᠤ ᠠᠷᠪᠠᠳᠤᠭᠠᠷ ᠬᠤᠭᠤᠴᠠᠭᠠᠨ ᠤ ᠬᠤᠷᠢᠶ᠎ᠠ ᠶ᠋ᠢᠨ《 ᠨᠠᠢᠮᠠᠨ ᠬᠤᠰᠢᠭᠤᠨ ᠤ ᠮᠤᠩᠭᠤᠯ ᠦᠨᠳᠤᠰᠤᠳᠠᠨ ᠤ ᠵᠠᠩ ᠦᠢᠯᠡ》 ᠶ᠋ᠢᠨ ᠨᠠᠶᠢᠷᠠᠭᠤᠯᠬᠤ ᠵᠦᠪᠯᠡᠯ ᠦᠨ ᠬᠢᠨ  ᠂ ᠳᠤᠳᠤᠭᠠᠳᠤ ᠳ᠋ᠤ ᠭᠡᠷᠡᠭᠯᠡᠬᠦ ᠮᠠᠲ᠋ᠸᠷᠢᠶᠠᠯ ᠦᠨ ᠬᠡᠯᠪᠠᠷᠢ ᠪᠠᠷ《 ᠭᠤᠷᠪᠠᠨ ᠦᠪᠡᠷ ᠦᠨ ᠦᠩᠭᠡᠷᠡᠯᠳᠠ》 (  ᠦᠪᠡᠷ ᠢᠶ᠋ᠡᠨ ᠦᠵᠡᠭᠰᠡᠨ ᠂ ᠦᠪᠡᠷ ᠢᠶ᠋ᠡᠨ ᠰᠤᠨᠤᠰᠤᠭᠰᠠᠨ ᠂ ᠦᠪᠡᠷ ᠢᠶ᠋ᠡᠨ ᠦᠩᠭᠡᠷᠡᠭᠰᠡᠨ)  ᠶ᠋ᠢᠨ ᠵᠡᠷᠴᠢᠮ ᠢ ᠪᠠᠷᠢᠮᠳᠠᠯᠠᠨ ᠂ ᠳᠤᠬᠠᠢ ᠶ᠋ᠢᠨ ᠭᠠᠵᠡᠷ ᠤᠨ ᠮᠤᠩᠭᠤᠯ ᠦᠨᠳᠤᠰᠤᠳᠠᠨ ᠤ ᠵᠠᠩ ᠦᠢᠯᠡ ᠶ᠋ᠢ ᠡᠮᠬᠢᠳᠭᠡᠨ  ᠨᠠᠶᠢᠷᠠᠭᠤᠯᠤᠭᠰᠠᠨ ᠨᠢᠭᠡᠨ ᠢᠵᠢ ᠨᠤᠮ ᠪᠤᠯᠬᠤ ᠶᠤᠮ ᠃ ᠳᠤᠰ ᠨᠤᠮ ᠨᠠᠶᠢᠳᠠ 24.6 ᠲᠦᠮᠡᠨ ᠦᠰᠦᠭ ᠲᠠᠢ ᠂  ᠭᠤᠷᠪᠠᠨ ᠶᠡᠭᠡ ᠡᠮᠬᠢᠳᠬᠡᠯ ᠪᠠ ᠤᠳᠤᠷᠢᠳᠬᠠᠯ ᠵᠢᠴᠢ ᠬᠤᠶᠢᠨᠡᠬᠢ ᠦᠭᠡ ᠲᠠᠢ ᠃ ᠨᠢᠭᠡᠳᠤᠭᠡᠷ ᠡᠮᠬᠢᠳᠬᠡᠯ ᠳ᠋ᠦ ᠂ ᠪᠤᠳᠠᠰ ᠤᠨ ᠠᠮᠢᠳᠤᠷᠠᠯ ᠤᠨ ᠵᠠᠩ ᠦᠢᠯᠡ ᠶ᠋ᠢᠨ ᠳᠤᠬᠠᠢ ᠠᠩ ᠠᠩᠨᠠᠯ ᠵᠡᠷᠭᠡ ᠠᠭᠤᠯᠭ᠎ᠠ ᠶ᠋ᠢ  ᠨᠠᠶᠢᠳᠠ 6 ᠪᠦᠯᠦᠭ  ᠬᠤᠪᠢᠶᠠᠨ ᠳᠡᠮᠳᠡᠭᠯᠡᠵᠦ᠂ ᠬᠤᠶᠠᠳᠤᠭᠠᠷ ᠡᠮᠬᠢᠳᠬᠡᠯ ᠳ᠋ᠦ  ᠂ ᠨᠠᠶᠢᠭᠡᠮ ᠤᠨ ᠠᠮᠢᠳᠤᠷᠠᠯ ᠤᠨ ᠵᠠᠩ ᠦᠢᠯᠡ  ᠶ᠋ᠢᠨ ᠳᠤᠬᠠᠢ  ᠪᠠᠶᠠᠷ ᠨᠠᠶᠢᠷ ᠵᠡᠷᠭᠡ ᠠᠭᠤᠯᠭ᠎ᠠ ᠶ᠋ᠢ ᠨᠠᠶᠢᠳᠠ 5 ᠪᠦᠯᠦᠭ ᠬᠤᠪᠢᠶᠠᠨ ᠳᠡᠮᠳᠡᠭᠯᠡᠵᠦ ᠂ ᠭᠤᠷᠪᠠᠳᠤᠭᠠᠷ ᠡᠮᠬᠢᠳᠬᠡᠯ ᠳ᠋ᠦ ᠤᠶᠤᠨ ᠤ ᠠᠮᠢᠳᠤᠷᠠᠯ ᠤᠨ ᠵᠠᠩ ᠦᠢᠯᠡ  ᠶ᠋ᠢᠨ ᠳᠤᠬᠠᠢ ᠰᠢᠳᠤᠯᠭᠡ ᠶ᠋ᠢᠨ ᠶᠤᠰᠤ ᠵᠠᠩᠰᠢᠯ ᠵᠡᠷᠭᠡ ᠠᠭᠤᠯᠭ᠎ᠠ ᠶ᠋ᠢ ᠨᠠᠶᠢᠳᠠ 4 ᠪᠦᠯᠦᠭ  ᠬᠤᠪᠢᠶᠠᠨ  ᠳᠡᠮᠳᠡᠭᠯᠡᠭᠰᠡᠨ  ᠪᠠᠶᠢᠨ᠎ᠠ ᠃
        ᠳᠤᠰ ᠬᠤᠰᠢᠭᠤᠨ ᠤ ᠡᠮᠤᠨ᠎ᠠ ᠨᠢ ᠡᠮᠬᠢᠳᠭᠡᠨ ᠬᠡᠪᠯᠡᠵᠦ ᠨᠠᠶᠢᠷᠠᠭᠤᠯᠤᠭᠰᠠᠨ ᠰᠤᠶᠤᠯ ᠳᠡᠤᠭᠡ ᠶ᠋ᠢᠨ ᠳᠤᠬᠠᠢ ᠨᠤᠮ ᠤᠨ ᠤᠯᠠᠩᠬᠢ ᠨᠢ  ᠤᠷᠢᠳᠠᠪᠠᠷ ᠪᠦᠷ ᠬᠢᠳᠡᠳ ᠬᠡᠯᠡ ᠪᠠᠷ ᠪᠢᠴᠢᠭᠳᠡᠭᠰᠡᠨ ᠦ ᠰᠠᠬᠦᠯᠡᠷ ᠂ ᠳᠡᠬᠢᠨ ᠮᠤᠩᠭᠤᠯ ᠬᠡᠯᠡᠨ ᠳ᠋ᠦ ᠤᠷᠴᠢᠭᠤᠯᠳᠠᠭ ᠪᠠᠶᠢᠭᠰᠠᠨ ᠃  ᠬᠡᠬᠦ ᠳ᠋ᠦ《 ᠨᠠᠢᠮᠠᠨ ᠬᠤᠰᠢᠭᠤᠨ ᠤ ᠮᠤᠩᠭᠤᠯ ᠦᠨᠳᠤᠰᠤᠳᠠᠨ ᠤ ᠵᠠᠩ ᠦᠢᠯᠡ》 ᠪᠤᠯ ᠬᠠᠷᠢᠨ ᠮᠤᠩᠭᠤᠯ ᠬᠡᠯᠡ ᠪᠠᠷ ᠤᠷᠢᠳᠠᠪᠡᠷ ᠡᠮᠬᠢᠳᠭᠡᠨ ᠪᠢᠴᠢᠭᠰᠡᠨ ᠨᠢᠭᠡᠨ ᠢᠵᠢ ᠨᠤᠮ ᠪᠤᠯᠬᠤ ᠶᠤᠮ ᠃    

        ᠳᠤᠰ ᠨᠤᠮ ᠨᠢ ᠳᠤᠰ ᠬᠤᠰᠢᠭᠣᠨ ᠤ ᠮᠤᠩᠭᠤᠯ ᠦᠨᠳᠤᠰᠦᠳᠡᠨ ᠤ ᠠᠷᠠᠳ ᠤᠯᠠᠨ ᠂ ᠤᠨᠴᠠᠭᠠᠶᠢᠯᠠᠨ ᠮᠤᠩᠭᠤᠯ ᠬᠡᠯᠡ ᠪᠠᠷ ᠬᠢᠴᠢᠶᠠᠯᠯᠠᠵᠦ ᠪᠠᠶᠢᠭ᠎ᠠ ᠪᠠᠭᠰᠢ ᠰᠤᠷᠤᠭᠴᠢᠳ ᠲᠦ  ᠪᠠᠨ ᠪᠠᠯᠡᠭᠯᠡᠬᠦ ᠨᠢᠭᠡᠨ ᠰᠠᠶᠢᠨ ᠪᠠᠯᠡᠭ ᠪᠤᠯᠬᠤ ᠶᠤᠮ ᠃ ᠳᠤᠰ  ᠨᠤᠮ ᠤᠨ ᠭᠡᠪᠯᠡᠭᠳᠡᠭᠰᠡᠨ ᠨᠢ  ᠳᠤᠰ ᠬᠤᠰᠢᠭᠤᠨ ᠤ ᠦᠨᠳᠤᠰᠦᠳᠡᠨ ᠤ ᠵᠠᠩ ᠦᠢᠯᠡ ᠶ᠋ᠢᠨ ᠰᠤᠶᠤᠯ ᠢ ᠦᠷᠭᠡᠨ ᠢᠶ᠋ᠡᠷ ᠳᠡᠯᠭᠡᠷᠡᠬᠦᠯᠵᠦ ᠂ ᠬᠦᠮᠦᠰ ᠦᠨ ᠳᠤᠰ ᠭᠠᠵᠡᠷ ᠤᠷᠤᠨ ᠤ ᠰᠤᠶᠤᠯ ᠤᠨ ᠳᠤᠬᠠᠢ ᠳᠠᠨᠢᠯᠳᠠ ᠶ᠋ᠢ ᠳᠠᠭᠡᠭᠰᠢᠯᠡᠬᠦᠯᠵᠦ ᠂ ᠬᠡᠪ ᠴᠢᠨᠠᠷ ᠤᠨ ᠰᠤᠷᠭᠠᠨ ᠬᠦᠮᠦᠵᠢᠯ ᠢ ᠳᠦᠯᠬᠢᠨ ᠠᠬᠢᠭᠤᠯᠵᠦ ᠂ ᠰᠢᠯᠢᠳᠡᠭ ᠤᠯᠠᠮᠵᠢᠯᠠᠯᠳᠤ ᠰᠤᠶᠤᠯ ᠢ ᠤᠯᠠᠮᠵᠢᠯᠠᠨ ᠂  ᠦᠨᠳᠤᠰᠦᠳᠡᠨ ᠤ ᠰᠤᠶᠤᠯ ᠤᠨ ᠦᠢᠯᠡᠰ ᠢ  ᠬᠦᠭᠵᠢᠬᠦᠯᠬᠦ ᠳ᠋ᠦ ᠴᠢᠬᠤᠯᠠ ᠦᠢᠯᠡᠳᠦᠯ  ᠪᠠ  ᠬᠤᠪᠢ ᠨᠠᠮᠠᠷᠢ ᠦᠵᠡᠬᠦᠯᠬᠦ ᠶᠤᠮ ᠃ ( ᠪᠤᠤ ᠵᠢᠨ ᠯᠢᠶᠠᠨ )ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ