ᠨᠠᠢᠮᠠᠨ ᠬᠤᠰᠢᠭᠤ 2019 ᠤᠨ ᠤ ᠬᠠᠪᠤᠷ ᠤᠨ ᠤᠯᠠᠷᠢᠯ ᠤᠨ ᠲᠷᠠᠺᠲ᠋ᠣᠷ ᠮᠠᠰᠢᠨ ᠤ ᠵᠢᠯᠤᠭᠤᠴᠢ ᠶ᠋ᠢᠨ ᠰᠢᠯᠭᠠᠯᠳᠠ ᠶ᠋ᠢᠨ ᠬᠦᠳᠡᠯᠭᠡᠭᠡᠨ ᠦᠷᠨᠢᠬᠦᠯᠪᠠ

ᠣᠩᠰᠢᠭᠰᠠᠨ ᠤᠳᠠᠭ᠎ᠠ ᠄ 26962     ᠨᠡᠶᠢᠳᠡᠯᠡᠭᠰᠡᠨ ᠴᠠᠭ ᠄ 2019/3/12 16:35:49

      2019 ᠤᠨ ᠤ 3 ᠰᠠᠷ᠎ᠠ ᠶ᠋ᠢᠨ 12 ᠦ ᠡᠳᠤᠷ ᠂ ᠨᠠᠢᠮᠠᠨ ᠬᠤᠰᠢᠭᠤ 2019 ᠤᠨ ᠤ ᠬᠠᠪᠤᠷ ᠤᠨ ᠤᠯᠠᠷᠢᠯ ᠤᠨ ᠲᠷᠠᠺᠲ᠋ᠤᠷ ᠮᠠᠰᠢᠨ ᠤ ᠵᠢᠯᠤᠭᠤᠴᠢ ᠶ᠋ᠢᠨ ᠰᠢᠯᠭᠠᠯᠳᠠ ᠶ᠋ᠢᠨ ᠬᠦᠳᠡᠯᠭᠡᠭᠡᠨ ᠦᠷᠨᠢᠬᠦᠯᠪᠠ ᠃ ᠨᠠᠢᠮᠠᠨ ᠬᠤᠰᠢᠭᠤᠨ ᠤ ᠳᠠᠷᠢᠶᠠᠯᠠᠩ ᠤᠨ ᠮᠠᠰᠢᠨ ᠤ ᠬᠢᠨᠠᠨ ᠬᠠᠮᠢᠶᠠᠷᠬᠤ ᠦᠷᠳᠡᠭᠡ   《ᠲᠷᠠᠺᠲ᠋ᠤᠷ ᠮᠠᠰᠢᠨ ᠤ ᠵᠢᠯᠤᠭᠤᠴᠢ ᠶ᠋ᠢᠨ ᠦᠨᠠᠮᠯᠠᠯ ᠢ ᠭᠤᠶᠤᠴᠢᠯᠠᠬᠤ ᠪᠠ ᠬᠡᠷᠡᠭᠯᠡᠬᠦ ᠳᠤᠭᠳᠠᠭᠠᠯ》 ᠢ ᠴᠢᠩᠭ᠎ᠠ ᠪᠠᠷᠢᠮᠳᠠᠯᠠᠵᠦ ᠂ 67 ᠨᠠᠷᠠᠰ ᠰᠤᠷᠤᠯᠭᠠᠳᠠᠨ ᠳ᠋ᠤ  ᠳᠠᠰ ᠳᠠᠷᠠᠭᠠᠯᠠᠨ ᠤᠨᠤᠯ ᠤᠨ ᠪᠠ ᠳᠤᠬᠠᠢ ᠶ᠋ᠢᠨ ᠳᠠᠯᠠᠪᠠᠢ ᠶ᠋ᠢᠨ ᠡᠯ᠎ᠡ ᠬᠢᠴᠢᠶᠠᠯ ᠳᠦᠷᠦᠯ ᠦᠨ ᠵᠢᠯᠤᠭᠤᠳᠬᠤ ᠮᠠᠷᠬᠡᠵᠢᠯ ᠤᠨ ᠰᠢᠯᠭᠠᠯᠳᠠ ᠬᠢᠪᠠ ᠃  ᠰᠢᠯᠭᠠᠯᠳᠠ ᠶ᠋ᠢᠨ ᠪᠦᠬᠦ ᠶᠠᠪᠤᠴᠠ ᠳ᠋ᠤ ᠂ ᠳᠠᠷᠢᠶᠠᠯᠠᠩ ᠤᠨ ᠮᠠᠰᠢᠨ ᠤ ᠬᠢᠨᠠᠨ  ᠬᠠᠮᠢᠶᠠᠷᠤᠭᠴᠢ  ᠰᠢᠨ᠎ᠠ ᠳᠤᠭᠳᠠᠭᠠᠯ ᠪᠠ  ᠠᠵᠢᠯ ᠳᠦᠷᠦᠯ ᠤᠨ ᠰᠢᠰᠲ᠋ᠸᠮ ᠦᠨ ᠰᠢᠯᠭᠠᠯᠳᠠ ᠶ᠋ᠢᠨ ᠰᠢᠨ᠎ᠠ ᠱᠠᠭᠠᠷᠳᠠᠯᠭ᠎ᠠ ᠶᠤᠰᠤᠭᠠᠷ ᠂ ᠰᠤᠷᠤᠯᠭᠠᠳᠠᠨ ᠢ ᠨᠢᠭᠡᠳ ᠨᠢᠭᠡ ᠪᠠᠷ ᠴᠢᠩᠭ᠎ᠠ ᠰᠢᠯᠭᠠᠨ ᠪᠠᠶᠢᠴᠠᠭᠠᠵᠦ ᠂ ᠰᠢᠯᠭᠠᠯᠳᠠ ᠪᠠᠷ ᠳᠠᠮᠵᠢᠨ ᠪᠦᠬᠦᠨ ᠢ ᠬᠢᠷᠢ ᠳᠠᠩᠴᠠᠬᠦᠯᠵᠡᠢ ᠃
      ᠤᠳᠤ ᠶᠠᠭ ᠰᠠᠶᠢᠬᠠᠨ ᠬᠠᠪᠤᠷ ᠤᠨ ᠳᠠᠷᠢᠯᠭ᠎ᠠ ᠶ᠋ᠢᠨ ᠪᠠᠯᠡᠳᠭᠡᠯ ᠠᠵᠢᠯ ᠤᠨ ᠢᠳᠠ ᠴᠠᠭ  ᠂  ᠳᠠᠷᠢᠶᠠᠨ ᠭᠠᠵᠠᠷ ᠢᠶᠡᠨ  ᠤᠷᠪᠠᠭᠤᠯᠵᠦ ᠳᠡᠭᠰᠢᠯᠡᠬᠦ ᠠᠵᠢᠯ ᠤᠨ ᠳᠤᠰᠠᠯᠠᠵᠦ ᠨᠦᠬᠦᠪᠦᠷᠢᠯᠡᠬᠦ ᠲᠦᠷᠦᠯ ᠵᠦᠢᠯ ᠪᠠᠯᠡᠳᠭᠡᠯ ᠱᠠᠳᠤᠨ ᠳ᠋ᠤ ᠪᠠᠨ ᠪᠤᠯᠬᠤ ᠬᠡᠵᠦ ᠪᠠᠶᠢᠭ᠎ᠠ ᠳᠤᠯᠨ᠂ ᠳᠤᠰ ᠤᠳᠠᠭᠠᠨ ᠤ ᠰᠢᠯᠭᠠᠯᠳᠠ ᠪᠠᠷ ᠳᠠᠮᠵᠢᠨ ᠳᠠᠷᠢᠶᠠᠯᠠᠩ ᠤᠨ ᠮᠠᠰᠢᠨ ᠵᠢᠯᠤᠭᠤᠳᠤᠭᠴᠢᠳ ᠤᠨ ᠴᠢᠳᠠᠪᠤᠷᠢ ᠶ᠋ᠢ ᠳᠠᠭᠡᠭᠰᠢᠯᠡᠬᠦᠯᠵᠦ ᠂ ᠨᠠᠩ ᠤᠯᠠᠨ ᠳᠠᠷᠢᠶᠠᠯᠠᠩ ᠤᠨ ᠮᠠᠰᠢᠨ  ᠵᠢᠯᠤᠭᠤᠳᠤᠭᠴᠢ ᠦᠨᠡᠮᠯᠡᠯ ᠲᠠᠢ ᠪᠠᠷ  ᠳᠡᠷᠭᠡ  ᠪᠠᠷᠢᠬᠤ ᠪᠤᠯᠤᠭᠰᠠᠨ ᠨᠢ ᠂  ᠳᠠᠯᠳᠠ ᠠᠶᠤᠯ ᠭᠠᠷᠬᠤ ᠶ᠋ᠢ ᠰᠠᠷᠬᠡᠶᠢᠯᠠᠵᠦ ᠂  ᠨᠠᠢᠮᠠᠨ  ᠬᠤᠰᠢᠭᠤᠨ ᠤ ᠳᠠᠷᠢᠶᠠᠨ ᠭᠠᠵᠠᠷ ᠢᠶᠡᠨ ᠬᠦᠨ ᠤᠷᠪᠠᠭᠤᠯᠵᠦ  ᠳᠡᠭᠰᠢᠯᠡᠬᠦ ᠠᠵᠢᠯ  ᠤᠨ ᠤᠷᠤᠭᠰᠢᠳᠠᠢ ᠶᠠᠪᠤᠭᠳᠠᠬᠤ ᠳ᠋ᠤ ᠳᠦᠯᠬᠢᠴᠠ ᠬᠦᠴᠦᠨ ᠪᠤᠯᠵᠠᠢ ᠃ ( ᠪᠤᠤ ᠵᠢᠨ ᠯᠢᠶᠠᠨ)
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ