ᠨᠠᠢᠮᠠᠨ ᠬᠤᠰᠢᠭᠤᠨ ᠤ ᠬᠠᠮ ᠵᠠᠭᠤᠴᠢᠯᠠᠭᠤᠷ ᠤᠨ ᠳᠦᠪ ᠵᠢᠩᠬᠢᠨᠢ ᠪᠠᠷ ᠪᠠᠶᠢᠭᠤᠯᠤᠭᠳᠠᠯ᠎ᠠ

ᠣᠩᠰᠢᠭᠰᠠᠨ ᠤᠳᠠᠭ᠎ᠠ ᠄ 706     ᠨᠡᠶᠢᠳᠡᠯᠡᠭᠰᠡᠨ ᠴᠠᠭ ᠄ 2018/12/4 14:25:01


      12 ᠰᠠᠷ᠎ᠠ ᠶ᠋ᠢᠨ 1 ᠦ ᠡᠳᠤᠷ ᠂ ᠨᠠᠢᠮᠠᠨ ᠬᠤᠰᠢᠭᠤᠨ ᠤ ᠬᠠᠮ ᠵᠠᠭᠤᠴᠢᠯᠠᠭᠤᠷ ᠤᠨ ᠳᠦᠪ ᠫᠠᠶᠢᠰᠠ ᠡᠯᠬᠦᠵᠦ ᠵᠢᠩᠬᠢᠨᠢ ᠪᠠᠷ ᠪᠠᠶᠢᠭᠤᠯᠤᠭᠳᠠᠯ᠎ᠠ ᠃ ᠳᠦᠩᠯᠢᠶᠤᠤ ᠬᠤᠳᠠ ᠶ᠋ᠢᠨ ᠨᠠᠮ ᠤᠨ ᠬᠤᠷᠢᠶᠠᠨ ᠤ ᠪᠠᠶᠢᠩᠭᠤ ᠶ᠋ᠢᠨ ᠬᠡᠰᠢᠬᠦᠨ ᠂ ᠤᠠᠬᠠᠭᠤᠯᠬᠤ ᠭᠡᠯᠳᠠᠰ ᠤᠨ ᠳᠠᠷᠤᠭ᠎ᠠ ᠯᠢ ᠯᠢ ᠂ ᠦᠪᠠᠷᠳᠡᠭᠡᠨ ᠵᠠᠰᠠᠬᠤ ᠤᠷᠤᠨ ᠤ ᠬᠠᠮ ᠵᠠᠭᠤᠴᠢᠯᠠᠭᠤᠷ ᠤᠨ ᠳᠦᠪ ᠤᠨ ᠠᠵᠢᠯ ᠠᠬᠢᠭᠤᠯᠤᠯᠳᠠ ᠶ᠋ᠢᠨ ᠳᠤᠭᠤᠶᠢᠯᠠᠩ ᠤᠨ ᠳᠠᠷᠤᠭ᠎ᠠ ᠵᠠᠩ ᠰᠢᠶᠠᠩ ᠬᠤᠸᠠ ᠂ ᠬᠤᠰᠢᠭᠤ ᠨᠠᠮ ᠤᠨ ᠬᠤᠷᠢᠶ᠎ᠠ ᠶ᠋ᠢᠨ ᠱᠦᠵᠢ ᠵᠠᠩ ᠬᠤᠸᠠ ᠂ ᠬᠤᠰᠢᠭᠤ ᠵᠠᠰᠠᠭ ᠤᠨ ᠤᠷᠳᠤᠨ ᠤ ᠳᠠᠷᠤᠭ᠎ᠠ ᠪᠦᠷᠢᠨ ᠵᠡᠷᠭᠡ ᠬᠤᠯᠪᠤᠭ᠎ᠠ ᠪᠦᠬᠦᠢ ᠤᠳᠤᠷᠢᠳᠤᠯᠭ᠎ᠠ ᠨᠠᠢᠮᠠᠨ ᠬᠤᠰᠢᠭᠤᠨ ᠤ ᠬᠠᠮ ᠵᠠᠭᠤᠴᠢᠯᠠᠭᠤᠷ ᠤᠨ ᠳᠦᠪ ᠤᠨ ᠫᠠᠶᠢᠰᠠ ᠡᠯᠬᠦᠬᠦ ᠶᠤᠰᠤᠯᠡᠯ ᠳ᠋ᠤ ᠤᠷᠤᠯᠴᠠᠭᠰᠠᠨ ᠪᠠᠶᠢᠨ᠎ᠠ ᠃





     ᠨᠠᠢᠮᠠᠨ ᠬᠤᠰᠢᠭᠤᠨ ᠤ ᠬᠠᠮ ᠵᠠᠭᠤᠴᠢᠯᠠᠭᠤᠷ ᠤᠨ ᠳᠦᠪ  ᠵᠠᠭᠤᠴᠢᠯᠠᠭᠤᠷ ᠤᠨ ᠠᠭᠤᠰᠤᠯᠴᠠᠯ ᠤᠨ ᠦᠭᠡᠷᠡᠴᠢᠯᠠᠯᠳᠠ ᠶ᠋ᠢᠨ ᠵᠠᠮ ᠳᠠᠭᠡᠷ᠎ᠡ ᠂ ᠬᠠᠭᠠᠰ ᠵᠢᠯ ᠢᠯᠡᠬᠦᠦ ᠶ᠋ᠢᠨ ᠰᠦᠪᠡᠭᠴᠢᠯᠡᠯ ᠪᠠ ᠦᠢᠯᠡᠳᠦᠯᠭᠡ ᠪᠠᠷ ᠳᠡᠮᠵᠢᠨ ᠂ ᠦᠪᠠᠷᠮᠢᠴᠠ ᠤᠨᠴᠠᠯᠢᠭ ᠪᠦᠬᠦᠢ ᠬᠦᠭᠵᠢᠯᠳᠡ ᠶ᠋ᠢᠨ ᠬᠡᠪ ᠵᠠᠭᠪᠤᠷ ᠲᠠᠢ ᠪᠤᠯᠵᠦ ᠂《 ᠰᠢᠯᠵᠢᠭᠡ ᠶ᠋ᠢ ᠳᠡᠷᠢᠬᠦᠨ ᠳ᠋ᠦ ᠳᠠᠯᠪᠢᠬᠤ》 ᠭᠡᠯᠪᠠᠷᠢ ᠪᠠ《 ᠠᠭᠤᠯᠭ᠎ᠠ  ᠪᠠᠷ〈  ᠸᠠᠩ 〉 ᠪᠤᠯᠭᠠᠬᠤ》 ᠵᠠᠷᠴᠢᠮ ᠢᠶᠠᠷ ᠂ ᠤᠤᠯ ᠤᠨ ᠷᠠᠳᠢᠤ᠋ ᠂ ᠲᠧᠯᠸᠢᠰ ᠵᠡᠷᠭᠡ ᠤᠯᠠᠮᠵᠢᠯᠠᠯᠳᠤ ᠵᠠᠭᠤᠴᠢᠯᠠᠭᠤᠷ ᠤᠨ ᠰᠠᠭᠤᠷᠢᠨ ᠳᠠᠭᠡᠷ᠎ᠡ ᠂ ᠭᠠᠷ ᠤᠳᠠᠰᠤᠨ ᠸᠢᠴᠡᠲ ᠤᠯᠠᠨ ᠨᠠᠶᠢᠳᠠ ᠶ᠋ᠢᠨ ᠳᠠᠪᠴᠠᠩ  ᠂ ᠰᠢᠯᠵᠢᠶ᠎ᠠ ᠳᠠᠪᠴᠠᠩ  ᠵᠡᠷᠭᠡ ᠰᠢᠨ᠎ᠠ ᠵᠠᠭᠤᠴᠢᠯᠠᠭᠤᠷ ᠤᠨ ᠳᠠᠮᠵᠢᠭᠤᠯᠬᠤ ᠳᠠᠪᠴᠠᠩ ᠢ ᠦᠷᠬᠦᠯᠵᠢᠯᠠᠨ ᠪᠠᠶᠢᠭᠤᠯᠵᠦ ᠂ ᠷᠠᠳᠢᠤ᠋ ᠂ ᠲᠧᠯᠸᠢᠰ ᠫᠷᠤᠭᠷᠡᠮ ᠵᠡᠷᠭᠡ ᠶ᠋ᠢ ᠳᠤᠤᠷ ᠰᠦᠯᠵᠢᠶᠠᠨ ᠳ᠋ᠤ  ᠰᠢᠯᠵᠢᠬᠦᠯᠦᠨ ᠂《 ᠭᠤᠷᠪᠠᠨ ᠳᠤᠤᠷ ᠢ ᠨᠢᠭᠡᠳᠭᠡᠨ ᠂  ᠲᠦᠷᠪᠡᠨ ᠵᠠᠭᠤᠴᠢᠯᠠᠭᠤᠷ ᠢ ᠠᠭᠤᠰᠤᠯᠴᠠᠭᠤᠯᠵᠦ ᠂ ᠮᠤᠩᠭᠤᠯ ᠬᠢᠳᠡᠳ ᠬᠤᠶᠠᠷ ᠬᠡᠯᠡ ᠪᠠᠷ ᠬᠠᠮᠳᠤ ᠳ᠋ᠤ ᠨᠢ ᠪᠠᠶᠢᠭᠤᠯᠤᠨ ᠂ ᠵᠢᠭᠰᠠᠭᠠᠨ ᠳᠠᠮᠵᠢᠭᠤᠯᠬᠤ》 ᠳᠤᠭᠳᠠᠮᠵᠢ ᠶ᠋ᠢ ᠪᠦᠷᠢᠯᠳᠤᠬᠦᠯᠵᠡᠢ ᠃《 ᠨᠢᠭᠡ ᠴᠤᠭᠴᠠᠵᠢᠭᠤᠯᠤᠨ ᠳᠦᠰᠦᠪᠯᠡᠬᠦ ᠂ ᠨᠢᠭᠡ ᠤᠳᠠᠭ᠎ᠠ ᠴᠤᠭᠯᠠᠭᠤᠯᠬᠤ ᠂ ᠳᠦᠷᠦᠯᠰᠢᠬᠦᠯᠦᠨ ᠦᠢᠯᠡᠳᠪᠦᠷᠢᠯᠡᠬᠦ ᠂ ᠤᠯᠠᠨ ᠳᠦᠷᠦᠯ ᠢᠶ᠋ᠡᠷ ᠢᠯᠡᠷᠡᠬᠦᠯᠬᠦ ᠂ ᠤᠯᠠᠨ ᠡᠰᠢᠵᠢᠬᠦᠯᠦᠨ ᠳᠠᠮᠵᠢᠭᠤᠯᠬᠤ》 ᠤᠬᠠᠭᠤᠯᠬᠤ ᠪᠦᠳᠦᠴᠠ ᠶ᠋ᠢ ᠠᠩᠬ᠎ᠠ ᠠᠯᠬᠤᠮ  ᠪᠠᠶᠢᠭᠤᠯᠵᠠᠢ ᠃ 《 ᠳᠤᠮᠳᠠᠳᠤ ᠤᠯᠤᠰ ᠤᠨ ᠨᠠᠢᠮᠠᠨ ᠰᠦᠯᠵᠢᠶ᠎ᠠ》 ᠪᠠᠷ ᠰᠠᠭᠤᠷᠢ ᠪᠤᠯᠭᠠᠨ ᠂《 ᠠᠮᠢᠵᠢᠷᠠᠯ ᠤᠨ ᠬᠦᠴᠦᠨ ᠪᠢᠯᠬᠠᠭᠰᠠᠨ ᠨᠠᠢᠮᠠᠨ》 ᠪᠠ《 ᠨᠠᠢᠮᠠᠨ ᠤ ᠵᠠᠰᠠᠭ ᠤᠨ ᠶᠠᠪᠤᠳᠠᠯ》 ᠵᠡᠷᠭᠡ ᠸᠢᠴᠡᠲ ᠤᠯᠠᠨ ᠨᠠᠶᠢᠳᠠ ᠶ᠋ᠢᠨ ᠳᠠᠪᠴᠠᠩ ᠪᠠᠷ ᠬᠤᠰᠢᠭᠤᠴᠢ ᠪᠤᠯᠭᠠᠨ ᠂《ᠨᠠᠢᠮᠠᠨ  ᠬᠤᠰᠢᠭᠤᠨ ‍ᠤ ᠰᠤᠨᠢᠨ ᠮᠡᠳᠡᠭᠡ 》 ᠪᠠᠷ ᠨᠠᠷᠡᠶᠢᠳᠴᠤ ᠰᠠᠭᠤᠷᠢᠰᠢᠭᠰᠠᠨ ᠠᠷᠠᠳ ᠤᠨ ᠡᠳᠤᠷ ᠤᠨ ᠰᠤᠨᠢᠨ ᠂ ᠰᠢᠨᠬᠤᠸᠠ  ᠰᠦᠯᠵᠢᠶ᠎ᠠ ᠂ ᠲᠸᠩ ᠰᠢᠶᠦ᠋ᠨ ᠂ ᠰᠢᠨ ᠯᠠᠩ ᠵᠡᠷᠭᠡ 16  ᠭᠤᠤᠯᠯᠠᠭᠴᠢ ᠰᠢᠯᠵᠢᠶ᠎ᠠ ᠳᠡᠪᠴᠠᠩ ᠪᠠᠷ ᠴᠦᠮ᠎ᠠ ᠪᠤᠯᠭᠠᠨ ᠬᠤᠪᠢᠶᠠᠷᠢᠯᠠᠨ ᠳᠠᠷᠬᠠᠭᠠᠵᠦ ᠂《ᠠᠮᠢᠵᠢᠷᠠᠯ ᠤᠨ ᠬᠦᠴᠦᠨ ᠪᠢᠯᠬᠠᠭᠰᠠᠨ ᠨᠠᠢᠮᠠᠨ ᠤ ᠴᠢᠬᠤᠯᠠ ᠮᠡᠳᠡᠭᠡ 》 ᠵᠡᠷᠭᠡ ᠸᠢᠴᠡᠲ ᠤᠯᠠᠨ ᠨᠠᠶᠢᠳᠠ ᠶ᠋ᠢᠨ ᠳᠠᠪᠴᠠᠩ ᠪᠠᠷ  ᠨᠦᠬᠦᠪᠦᠷᠢ ᠪᠤᠯᠭᠠᠨ ᠂ ᠬᠤᠳᠠ ᠂ ᠬᠤᠰᠢᠭᠤᠨ ᠤ 100 ᠢᠯᠡᠬᠦᠦ ᠨᠦᠯᠦᠭᠡᠯᠡᠯ ᠦᠨ ᠬᠦᠴᠦᠨ ᠪᠦᠬᠦᠢ ᠵᠠᠭᠤᠴᠢᠯᠠᠭᠤᠷ ᠤᠨ ᠳᠠᠪᠴᠠᠩ ᠲᠠᠢ ᠬᠤᠯᠪᠤᠭᠠᠯᠠᠨ ᠂《 ᠨᠢᠭᠡ ᠨᠠᠶᠢᠳᠠᠯᠠᠪᠠᠯ ᠬᠠᠮᠳᠤ ᠳ᠋ᠤ ᠨᠢ ᠨᠠᠶᠢᠳᠠᠯᠡᠬᠦ ᠂ ᠨᠢᠭᠡ ᠨᠠᠶᠢᠳᠠᠯᠠᠪᠠᠯ  ᠳᠦᠮᠡ ᠪᠠᠷ ᠨᠠᠶᠢᠳᠠᠯᠡᠬᠦ 》 ᠬᠠᠮ ᠵᠠᠭᠤᠴᠢᠯᠠᠭᠤᠷ ᠤᠨ  ᠵᠢᠭᠰᠠᠭᠠᠯ ‍ᠢ ᠪᠦᠷᠢᠯᠳᠤᠬᠦᠯᠵᠦ ᠂ ᠡᠬᠢ ᠡᠬᠦᠰᠤᠯ ᠪᠠ  ᠳᠠᠮᠵᠢᠭᠤᠯᠭ᠎ᠠ ᠶ᠋ᠢᠨ ᠶᠠᠪᠤᠴᠠ ᠳ᠋ᠦ ᠵᠦᠪ ᠶᠠᠷᠢᠶ᠎ᠠ ᠬᠡᠯᠡᠯᠴᠡᠭᠡᠨ ᠦ ᠵᠢᠯᠤᠭᠤᠳᠤᠯᠭ᠎ᠠ ᠶ᠋ᠢ ᠪᠠᠳᠤᠯᠠᠵᠡᠢ ᠃《ᠲᠤᠭ ᠢᠶᠡᠨ ᠮᠠᠨᠳᠤᠭᠤᠯᠵᠤ  ᠂ ᠠᠷᠠᠳ ‍ᠤᠨ ᠰᠡᠳᠭᠢᠯ ‍ᠢ ᠬᠤᠷᠢᠶᠠᠨ  ᠂ ᠰᠢᠨ᠎ᠡ ᠬᠦᠮᠦᠨ ‍ᠢ ᠬᠦᠮᠦᠵᠢᠭᠦᠯᠵᠦ ᠂ ᠰᠣᠶᠤᠯ ᠢᠶᠡᠨ ᠬᠦᠭᠵᠢᠭᠦᠯᠦᠨ ᠂ ᠳᠦᠷᠢ ᠳᠦᠷᠬᠦ ᠪᠠᠨ ᠬᠠᠷᠠᠭᠤᠯᠬᠤ》 ᠡᠬᠦᠷᠭᠡ ᠶ᠋ᠢ ᠦᠨᠡᠨᠬᠦ ᠳᠠᠭᠠᠭᠠᠴᠢᠯᠠᠵᠦ  ᠂ ᠨᠠᠩ ᠤᠯᠠᠨ ᠰᠢᠯᠢᠳᠡᠭ ᠬᠠᠮ ᠵᠠᠭᠤᠴᠢᠯᠠᠭᠤᠷ ᠤᠨ ᠪᠦᠳᠦᠭᠡᠭᠳᠡᠬᠦᠨ ᠢ ᠭᠠᠷᠭᠠᠵᠦ ᠂ ᠬᠦᠴᠦᠷᠭᠡᠭ ᠶᠠᠭᠡ  ᠭᠤᠤᠯ ᠶᠠᠷᠢᠶ᠎ᠠ ᠬᠡᠯᠡᠯᠴᠡᠭᠡᠨ ᠦ ᠳᠠᠯᠠᠪᠤᠷ ᠢ ᠪᠤᠢ ᠪᠤᠯᠭᠠᠨ ᠂ ᠵᠦᠪ ᠡᠨ᠋ᠸᠷᠬᠢ ᠢ ᠨᠠᠩ ᠢᠯᠡᠬᠦᠦ ᠪᠠᠳᠠᠷᠠᠭᠤᠯᠤᠨ ᠂ ᠭᠤᠤᠯ  ᠠᠶᠠᠰ ᠢ ᠨᠠᠩ ᠴᠤᠤᠷᠢᠶᠠᠳᠤᠭᠤᠯᠬᠤ ᠪᠤᠯᠭᠠᠵᠠᠢ ᠃

       ᠨᠠᠢᠮᠠᠨ ᠬᠤᠰᠢᠭᠤᠨ ᠤ ᠬᠠᠮ ᠵᠠᠭᠤᠴᠢᠯᠠᠭᠤᠷ ᠤᠨ ᠳᠦᠪ  ᠫᠠᠶᠢᠰᠠ ᠡᠯᠬᠦᠵᠦ ᠵᠢᠩᠬᠢᠨᠢ ᠪᠠᠷ ᠪᠠᠶᠢᠭᠤᠯᠤᠭᠳᠠᠭᠰᠠᠨ ᠨᠢ  ᠂ ᠳᠤᠰ ᠬᠤᠰᠢᠭᠤᠨ ᠤ ᠰᠤᠨᠢᠨ ᠮᠠᠳᠡᠭᠡ ᠶᠠᠷᠢᠶ᠎ᠠ ᠬᠡᠯᠡᠯᠴᠡᠭᠡᠨ ᠦ ᠹᠷᠤᠨᠲ ᠤᠨ ᠬᠢᠨ ᠵᠠᠪᠰᠢᠶᠠᠨ ᠢ ᠳᠠᠯᠢᠮᠳᠠᠭᠤᠯᠤᠨ ᠂ ᠬᠦᠳᠡᠯᠤᠩᠬᠦᠢ ᠦᠢᠯᠡᠳᠴᠦ ᠂ ᠵᠤᠷᠢᠭᠳᠠᠢ  ᠪᠠᠷ ᠰᠢᠨ᠎ᠠ ᠶ᠋ᠢ ᠡᠬᠦᠳᠬᠦ ᠳ᠋ᠦ ᠤᠯᠤᠭᠰᠠᠨ ᠪᠤᠳᠠᠳᠤ ᠠᠮᠵᠢᠯᠳᠠ ᠮᠦᠨ ᠂ ᠳᠤᠰ ᠬᠤᠰᠢᠭᠤᠨ ᠤ ᠰᠢ ᠵᠢᠨ ᠫᠢᠩ  ᠶᠠᠷᠤᠩᠬᠡᠢ ᠱᠦᠵᠢ ᠶ᠋ᠢᠨ ᠪᠦᠬᠦ ᠤᠯᠤᠰ ᠤᠨ ᠦᠵᠠᠯ ᠰᠠᠨᠠᠭ᠎ᠠ ᠤᠬᠠᠭᠤᠯᠭ᠎ᠠ ᠶ᠋ᠢᠨ ᠠᠵᠢᠯ ᠤᠨ ᠬᠤᠷᠠᠯ ᠳᠡᠭᠡᠷᠡᠬᠢ ᠴᠢᠬᠤᠯᠠ ᠶᠠᠷᠢᠶᠠᠨ ᠤ ᠵᠤᠷᠢᠭ ᠰᠠᠨᠠᠭ᠎ᠠ ᠶ᠋ᠢ ᠨᠠᠷᠢᠨ ᠬᠢᠨᠠᠮᠠᠭᠠᠢ ᠳᠤᠭᠤᠰᠢᠯᠠᠭᠤᠯᠤᠨ ᠬᠡᠷᠡᠭᠵᠢᠬᠦᠯᠵᠦ ᠂ ᠰᠢᠶᠠᠨ ᠳᠠᠰ ᠤᠨ ᠬᠠᠮ ᠵᠠᠭᠤᠴᠢᠯᠠᠭᠤᠷ ᠤᠨ ᠳᠦᠪ ᠦᠨ ᠪᠦᠳᠦᠭᠡᠨ ᠪᠠᠶᠢᠭᠤᠯᠤᠯᠳᠠ  ᠶ᠋ᠢ ᠳᠦᠯᠬᠢᠨ ᠠᠬᠢᠭᠤᠯᠵᠦ ᠪᠠᠶᠢᠭ᠎ᠠ ᠪᠤᠳᠠᠳᠤ ᠠᠷᠭ᠎ᠠ ᠠᠪᠴᠠᠯ ᠮᠦᠨ ᠂ ᠳᠤᠰ ᠬᠤᠰᠢᠭᠤᠨ ᠤ ᠰᠤᠨᠢᠨ ᠮᠡᠳᠡᠭᠡ ᠶᠠᠷᠢᠶ᠎ᠠ ᠬᠡᠯᠡᠯᠴᠡᠭᠡ ᠤᠬᠠᠭᠤᠯᠭ᠎ᠠ ᠶ᠋ᠢᠨ ᠦᠢᠯᠡᠰ ᠦᠨ ᠬᠦᠭᠵᠢᠯᠳᠡ ᠶ᠋ᠢᠨ ᠬᠦᠰᠢᠶ᠎ᠠ ᠳᠤᠷᠠᠰᠬᠠᠯ ᠮᠦᠨ ᠂ ᠳᠤᠰ ᠬᠤᠰᠢᠭᠤᠨ ᠤ ᠵᠠᠭᠤᠴᠢᠯᠠᠭᠤᠷ  ᠤᠨ ᠠᠭᠤᠰᠤᠯᠴᠠᠯ ᠬᠦᠭᠵᠢᠬᠡᠳ ᠪᠠᠰᠠ ᠨᠢᠭᠡᠨ ᠰᠢᠨ᠎ᠠ ᠱᠠᠳᠤ ᠦᠶ᠎ᠠ ᠳ᠋ᠤ ᠬᠦᠷᠦᠭᠰᠠᠡ ᠢ ᠬᠠᠷᠠᠭᠤᠯᠵᠦ ᠪᠠᠶᠢᠨ᠎ᠠ ᠃  (  ᠪᠤᠤ ᠵᠢᠨ ᠯᠢᠶᠠᠨ )





ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ