ᠬᠡᠦᠬᠡᠳ ᠦᠨ ᠪᠡᠶ᠎ᠡ ᠪᠡᠨ ᠳᠠᠭᠠᠭᠠᠵᠤ ᠠᠮᠢᠳᠤᠷᠠᠬᠤ ᠴᠢᠳᠠᠪᠤᠷᠢ ᠶ᠋ᠢ ᠳᠡᠭᠡᠭᠰᠢᠯᠡᠭᠦᠯᠬᠦ ᠨᠢ ᠴᠢᠬᠤᠯᠠ

ᠣᠩᠰᠢᠭᠰᠠᠨ ᠤᠳᠠᠭ᠎ᠠ ᠄ 6048     ᠨᠡᠶᠢᠳᠡᠯᠡᠭᠰᠡᠨ ᠴᠠᠭ ᠄ 2018/11/15 9:37:29

      ᠪᠡᠶ᠎ᠡ ᠪᠡᠨ ᠳᠠᠭᠠᠭᠠᠵᠤ ᠠᠮᠢᠳᠤᠷᠠᠬᠤ ᠴᠢᠳᠠᠪᠤᠷᠢ ᠪᠣᠯ ᠬᠦᠮᠦᠨ ᠦ ᠠᠮᠢᠳᠤᠷᠠᠨ ᠣᠷᠤᠰᠢᠬᠤ ᠶ᠋ᠢᠨ ᠦᠨᠳᠦᠰᠦᠨ ᠴᠢᠳᠠᠪᠤᠷᠢ ᠮᠦᠨ ᠃ ᠭᠡᠷ ᠦᠨ ᠠᠬᠠᠮᠠᠳ ᠪᠣᠯᠤᠬᠰᠠᠤᠨ ᠬᠡᠦᠬᠡᠳ ᠢᠶ᠋ᠡᠨ ᠬᠠᠷᠠᠬᠠᠨ ᠪᠠᠭ᠎ᠠ ᠡᠴᠠ ᠨᠢ ᠵᠣᠷᠢᠯᠭ᠎ᠠ ᠲᠠᠢ ᠪᠠᠷ ᠬᠦᠮᠦᠵᠢᠭᠦᠯᠪᠡᠯ ᠵᠣᠬᠢᠨ᠎ᠠ ᠃
      ᠨᠢᠯᠬ᠎ᠠ ᠬᠡᠦᠬᠡᠳ ᠢᠶ᠋ᠡᠨ ᠰᠠᠶᠢᠳᠤᠷ ᠠᠰᠠᠷᠠᠨ ᠥᠰᠭᠡᠬᠦ ᠶ᠋ᠢᠨ ᠲᠥᠯᠦᠭᠡ ᠂ ᠭᠡᠷ ᠦᠨ ᠠᠬᠠᠮᠠᠳ ᠠᠮᠢᠳᠤᠷᠠᠯ ᠤᠨ ᠳᠣᠮᠳᠠᠬᠢ ᠬᠦᠴᠢᠷ ᠪᠡᠷᠬᠡᠰᠢᠶᠡᠯ ᠢ ᠨᠢ ᠬᠠᠪᠰᠤᠷᠴᠤ ᠪᠠᠶᠢᠭᠠᠳ ᠢᠯᠠᠨ ᠳᠠᠪᠠᠭᠤᠯᠬᠤ ᠨᠢ ᠵᠦᠢ ᠶᠣᠰᠣᠨ ᠤ ᠬᠡᠷᠡᠭ ᠪᠢᠯᠡ ᠃ ᠡᠨᠡ ᠬᠦ ᠬᠠᠪᠰᠤᠷᠤᠯᠭ᠎ᠠ ᠨᠢ ᠲᠡᠳᠡᠨ ᠦ ᠡᠷᠲᠡ ᠡᠳᠥᠷ ᠪᠡᠶ᠎ᠡ ᠪᠡᠨ ᠳᠠᠭᠠᠭᠠᠵᠤ ᠠᠮᠢᠳᠤᠷᠠᠬᠤ ᠴᠢᠳᠠᠪᠤᠷᠢ ᠶ᠋ᠢ ᠬᠦᠮᠦᠵᠢᠭᠦᠯᠬᠦ ᠶ᠋ᠢᠨ ᠲᠥᠯᠦᠭᠡ ᠶᠤᠮ ᠃ ᠤᠴᠢᠷ ᠨᠢ ᠬᠡᠦᠬᠡᠳ ᠬᠡᠵᠢᠶᠡᠳᠡ ᠠᠪᠤ᠋ ᠡᠵᠢ ᠶ᠋ᠢᠨ ᠢᠶ᠋ᠡᠨ ᠳᠡᠷᠭᠡᠲᠡ ᠪᠠᠶᠢᠭᠠᠳ ᠯᠠ ᠪᠠᠶᠢᠬᠤ ᠪᠢᠰᠢ ᠂ ᠲᠡᠳᠡ ᠡᠴᠦᠰ ᠲᠡᠬᠡᠨ ᠥᠰᠦᠨ ᠪᠣᠶᠢᠵᠢᠵᠤ ᠥᠭᠡᠯᠡᠢ ᠪᠣᠯᠤᠬᠰᠠᠨ ᠤ ᠳᠠᠷᠠᠭ᠎ᠠ ᠨᠡᠶᠢᠭᠡᠮ ᠳᠡᠭᠡᠷ᠎ᠡ ᠭᠠᠷᠴᠤ ᠠᠮᠢᠳᠤᠷᠠᠬᠤ ᠶᠤᠮ ᠃ ᠪᠡᠶ᠎ᠡ ᠪᠡᠨ ᠳᠠᠭᠠᠭᠠᠵᠤ ᠠᠮᠢᠳᠤᠷᠠᠬᠤ ᠴᠢᠳᠠᠪᠤᠷᠢ ᠲᠠᠢ ᠬᠦᠮᠦᠨ ᠰᠠᠶᠢ ᠬᠦᠴᠢᠷ ᠪᠡᠷᠬᠡᠰᠢᠶᠡᠯ ᠦᠨ ᠡᠮᠦᠨ᠎ᠡ ᠵᠣᠷᠢᠭ ᠰᠥᠰᠥ ᠲᠠᠢ ᠠᠷᠭ᠎ᠠ ᠰᠠᠮᠪᠠᠭ᠎ᠠ ᠲᠠᠢ ᠪᠠᠶᠢᠵᠤ ᠂ ᠶᠠᠮᠠᠷᠪᠠ ᠣᠷᠴᠢᠨ ᠲᠣᠭᠤᠷᠢᠨ ᠳ᠋ᠤ ᠵᠣᠬᠢᠴᠠᠵᠤ ᠴᠢᠳᠠᠳᠠᠭ ᠶᠤᠮ ᠃ ᠵᠠᠷᠢᠮ ᠭᠡᠷ ᠦᠨ ᠠᠬᠠᠮᠠᠳ ᠨᠢᠭᠡ ᠯᠠ ᠰᠡᠦᠨᠬᠢᠯ ᠢᠶ᠋ᠡᠷ ᠬᠡᠦᠬᠡᠳ ᠢᠶ᠋ᠡᠨ ᠴᠢᠳᠠᠪᠤᠷᠢᠲᠠᠨ ᠪᠣᠯᠭᠠᠬᠤ ᠶ᠋ᠢ ᠬᠦᠰᠡᠵᠦ ᠂ ᠤᠶᠤᠨ ᠤ ᠴᠢᠳᠠᠪᠤᠷᠢ ᠶ᠋ᠢᠨ ᠲᠠᠯ᠎ᠠ ᠶ᠋ᠢ ᠣᠨᠴᠠᠭᠠᠶᠢᠯᠠᠨ ᠴᠢᠬᠤᠯᠠᠴᠢᠯᠠᠵᠤ ᠂ ᠪᠡᠶ᠎ᠡ ᠪᠡᠨ ᠳᠠᠭᠠᠭᠠᠵᠤ ᠠᠮᠢᠳᠤᠷᠠᠬᠤ ᠴᠢᠳᠠᠪᠤᠷᠢ ᠶ᠋ᠢ ᠬᠦᠮᠦᠵᠢᠭᠦᠯᠬᠦ ᠶ᠋ᠢ ᠣᠮᠳᠤᠭᠠᠶᠢᠯᠠᠳᠠᠭ ᠃ ᠲᠡᠳᠡ ᠬᠡᠦᠬᠡᠳ ᠢᠶ᠋ᠡᠷ ᠢᠶ᠋ᠡᠨ ᠭᠡᠷ ᠦᠨ ᠠᠵᠢᠯ ᠬᠢᠯᠭᠡᠪᠡᠯ ᠰᠤᠷᠤᠯᠭ᠎ᠠ ᠶ᠋ᠢ ᠨᠢ ᠨᠥᠯᠦᠭᠡᠯᠡᠬᠦ ᠡᠴᠡ ᠠᠶᠤᠵᠤ ᠂ ᠶᠠᠭᠤ ᠴᠤ ᠬᠢᠯᠭᠡᠬᠦ ᠦᠭᠡᠢ ᠂ ᠠᠯᠢᠪᠠ ᠪᠦᠬᠦᠨ ᠢ ᠨᠢ ᠡᠴᠢᠭᠡ ᠡᠬᠡ ᠨᠢ ᠣᠷᠤᠯᠠᠨ ᠬᠢᠵᠦ ᠥᠭᠳᠡᠭ ᠃ ᠢᠩᠭᠢᠬᠦ ᠨᠢ ᠬᠡᠦᠬᠡᠳ ᠢ ᠪᠣᠰᠣᠤᠨ ᠲᠤ ᠨᠠᠶᠢᠳᠠᠬᠤ ᠵᠠᠩᠰᠢᠯ ᠲᠠᠢ  ᠪᠣᠯᠭᠠᠬᠤ  ᠶᠤᠮ ᠃
      ᠡᠶᠢᠮᠦ ᠡᠴᠡ ︿ ︿ ᠡᠷᠬᠡ ᠶ᠋ᠢ ᠰᠤᠷᠭᠠᠬᠤ ᠪᠠᠷ ᠪᠡᠷᠬᠡ ᠶ᠋ᠢ ᠰᠤᠷᠭ᠎ᠠ ﹀ ﹀ ᠭᠡᠳᠡᠭᠴᠢᠯᠡᠨ ᠬᠡᠦᠬᠡᠳ ᠢ ᠬᠠᠷᠠᠬᠠᠨ ᠪᠠᠭ᠎ᠠ ᠡᠴᠠ ᠨᠢ ᠡᠬᠢᠯᠡᠵᠦ ᠪᠡᠶ᠎ᠡ ᠪᠡᠨ ᠳᠠᠭᠠᠭᠠᠵᠤ ᠠᠮᠢᠳᠤᠷᠠᠬᠤ ᠴᠢᠳᠠᠪᠤᠷᠢ ᠲᠠᠢ ᠪᠣᠯᠭᠠᠨ ᠬᠦᠮᠦᠵᠢᠭᠦᠯᠬᠦ ᠬᠡᠷᠡᠭᠲᠡᠢ ᠃

                                          ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ