ᠦᠭᠡ ᠨᠣᠮ ᠢᠶᠠᠷ ᠪᠣᠯ ᠤᠶᠢᠯᠡ ᠵᠠᠮ ᠢᠶᠠᠷ

ᠣᠩᠰᠢᠭᠰᠠᠨ ᠤᠳᠠᠭ᠎ᠠ ᠄ 7522     ᠨᠡᠶᠢᠳᠡᠯᠡᠭᠰᠡᠨ ᠴᠠᠭ ᠄ 2018/11/15 9:32:35

      ︿ ︿ ᠦᠭᠡ ᠨᠤᠮ ᠢᠶᠠᠷ ᠪᠣᠯ ᠤᠶᠢᠯᠡ ᠵᠠᠮ ᠢᠶᠠᠷ ﹀ ﹀ ᠭᠡᠳᠡᠭ ᠮᠠᠨ ᠤ ᠮᠤᠩᠭᠤᠯᠴᠣᠤᠨ  ᠤᠨ ᠳᠤᠮᠳᠠ ᠪᠠᠶᠢᠩᠭᠤ ᠶᠠᠷᠢᠬᠳᠠᠳᠠᠭ ᠣᠯᠠᠮᠵᠢᠯᠠᠯᠳᠤ ᠰᠠᠶᠢᠬᠠᠨ ᠬᠡᠯᠡᠯᠭᠡ ᠪᠠᠶᠢᠳᠠᠭ ᠃ ᠡᠨᠡ ᠪᠣᠯ ᠵᠢᠮ᠎ᠡ ᠬᠠᠤᠯᠢ ᠵᠦᠢ ᠶᠣᠰᠣᠨ ᠳ᠋ᠦ ᠴᠢᠪ ᠨᠡᠶᠢᠴᠡᠭᠰᠡᠨ ᠵᠢᠷᠤᠮᠯᠠᠪᠠᠰᠤ ᠵᠣᠬᠢᠬᠤ ᠰᠤᠷᠭᠠᠯ ᠦᠭᠡ ᠪᠠᠶᠢᠭ᠎ᠠ ᠶᠤᠮ ᠃ ᠡᠨᠡ ᠨᠢ ᠳᠠᠷᠤᠢ ᠪᠣᠰᠣᠤᠨ ᠤᠨ ᠰᠤᠷᠭᠠᠯ ᠢ ᠨᠣᠮᠤᠬᠠᠨ ᠳᠠᠷᠣᠤ ᠰᠠᠶᠢᠳᠤᠷ ᠰᠣᠨᠤᠰᠪᠠᠰᠤ ᠬᠣᠪᠢᠨ ᠤ ᠤᠶᠢᠯᠡ ᠪᠦᠳᠦᠮᠵᠢ ᠰᠠᠶᠢᠲᠠᠢ ᠪᠣᠯᠬᠤ ᠶ᠋ᠢ ᠰᠡᠷᠡᠮᠵᠢ ᠥᠭᠭᠦᠨ ᠰᠠᠨᠠᠭᠤᠯᠤᠨ ᠰᠤᠷᠭᠠᠬᠰᠠᠨ ᠰᠡᠴᠡᠨ ᠦᠭᠡ ᠪᠣᠯᠬᠤ ᠶᠤᠮ ᠃
      ᠡᠭᠦᠨᠴᠢᠯᠡᠨ ᠪᠣᠳᠤᠬᠤᠶ᠎ᠠ ᠂ ᠨᠠᠮ ᠤᠨ ᠰᠣᠳᠣ ᠮᠡᠷᠭᠡᠨ ᠵᠢᠭᠠᠪᠤᠷᠢ ᠂ ᠤᠳᠤᠷᠢᠳᠤᠯᠭ᠎ᠠ ᠶ᠋ᠢᠨ ᠵᠥᠪ ᠣᠨᠤᠪᠴᠢᠲᠠᠢ ᠵᠢᠯᠤᠭᠤᠳᠤᠯᠭ᠎ᠠ ᠂ ᠠᠪᠤ᠋ ᠶ᠋ᠢᠨ ᠠᠯᠲᠠᠨ ᠰᠤᠷᠭᠠᠯ ᠂ ᠡᠵᠢ ᠶ᠋ᠢᠨ ᠡᠷᠳᠡᠨᠢ ᠶ᠋ᠢᠨ ᠵᠠᠬᠢᠶ᠎ᠠ ᠂ ᠰᠠᠶᠢᠨ ᠨᠠᠶᠢᠵᠠᠰ ᠤᠨ ᠰᠠᠨᠠᠯ ᠰᠠᠨᠠᠭᠤᠯᠭ᠎ᠠ ᠶ᠋ᠢ ᠰᠠᠶᠢᠳᠤᠷ ᠰᠣᠨᠣᠰᠤᠨ ᠰᠢᠳᠤᠷᠭᠤ ᠵᠢᠷᠤᠮᠯᠠᠵᠤ ᠶᠠᠪᠤᠬᠤ ᠨᠢ ᠲᠦᠮᠡᠨ ᠬᠡᠷᠡᠭ ᠲᠡᠭᠦᠰ  ᠪᠦᠳᠦᠮᠵᠢᠲᠡᠢ ᠠᠯᠢᠪᠠ ᠤᠶᠢᠯᠡᠰ ᠠᠮᠵᠢᠯᠲᠠ ᠣᠯᠬᠤ ᠶ᠋ᠢᠨ ᠦᠨᠳᠦᠰᠦᠨ ᠨᠥᠭᠦᠴᠡᠯ ᠪᠠᠳᠦ ᠰᠠᠭᠤᠷᠢ ᠪᠣᠯᠬᠤ ᠨᠢ ᠯᠠᠪᠲᠠᠢ ᠶᠤᠮ ᠃
      ᠭᠡᠲᠡᠯ᠎ᠡ ᠂ ᠵᠠᠷᠢᠮ ᠬᠦᠮᠦᠰ ᠣᠨᠴᠠᠭᠠᠶᠢᠯᠠᠨ ᠵᠠᠯᠠᠭᠤ ᠪᠠᠭᠠᠴᠤᠳ ᠵᠠᠬᠢᠶ᠎ᠠ ᠵᠢᠭᠠᠪᠤᠷᠢ ᠳᠠᠭᠠᠬᠤ ᠦᠭᠡᠢ ᠰᠤᠷᠭᠠᠯ ᠢᠣᠨᠬᠠᠯ ᠰᠣᠨᠤᠰᠬᠤ ᠦᠭᠡᠢ ᠰᠠᠨᠠᠭ᠎ᠠ ᠪᠠᠷ ᠢᠶᠡᠨ ᠰᠠᠪᠠᠵᠤ ᠵᠣᠷᠢᠭ ᠢᠶᠠᠷ ᠢᠶᠡᠨ ᠵᠣᠳᠤᠬᠤ ᠦᠵᠡᠭᠳᠡᠯ ᠨᠡᠶᠢᠭᠡᠮ ᠳᠡᠭᠡᠷ᠎ᠡ ᠭᠠᠵᠠᠷ ᠡᠵᠡᠯᠡᠨ ᠵᠠᠢ ᠠᠪᠴᠤ ᠂ ᠦᠭᠡ ᠠᠪᠬᠤ ᠦᠭᠡᠢ ᠨᠣᠮ ᠦᠭᠡᠢ ᠬᠡᠦᠬᠡᠳ ᠂ ᠵᠢᠭᠠᠪᠤᠷᠢ ᠳᠠᠭᠠᠬᠤ ᠦᠭᠡᠢ ᠶᠣᠰᠣ ᠦᠭᠡᠢ ᠠᠷᠠᠳ ᠵᠠᠯᠭ᠎ᠠ ᠢᠯᠡᠷᠡᠨ ᠣᠷᠤᠰᠢᠵᠤ ᠂  ᠠᠬᠠᠮᠠᠳ  ᠢᠶᠡᠨ ᠵᠣᠪᠠᠭᠠᠨ ︿ ︿ ᠨᠣᠶᠠᠳ ﹀ ﹀ ᠢ ᠳᠡᠩᠰᠡᠯᠭᠡᠵᠦ ᠂ ᠨᠡᠶᠢᠭᠡᠮ ᠦᠨ ᠡᠶ᠎ᠡ ᠵᠣᠬᠢᠴᠠᠩᠭᠤᠢ ᠳᠠᠪᠰᠢᠯᠲᠠ ᠂ ᠪᠣᠯᠪᠠᠰᠤᠨ ᠤ ᠭᠤᠶᠤ ᠰᠠᠶᠢᠬᠠᠨ ᠪᠠᠶᠢᠭᠤᠯᠤᠯᠲᠠ ᠶ᠋ᠢ ᠬᠦᠨᠳᠦ ᠨᠣᠴᠠᠲᠠᠢ ᠨᠥᠯᠦᠭᠡᠯᠡᠵᠦ ᠪᠠᠶᠢᠬᠤ ᠶ᠋ᠢ ᠰᠡᠷᠭᠡᠭ ᠢᠶ᠋ᠡᠷ ᠲᠠᠨᠢᠵᠤ ᠰᠡᠷᠡᠮᠵᠢᠯᠡᠬᠦ ᠠᠷᠭ᠎ᠠ ᠠᠪᠴᠤ ᠡᠷᠲᠡᠬᠡᠨ ᠬᠦᠮᠦᠵᠢᠭᠦᠯᠦᠨ ᠠᠪᠤᠷᠠᠬᠤ ᠴᠢᠬᠤᠯᠠ  ᠲᠠᠢ ᠶᠤᠮ ᠃
      ᠮᠤᠩᠭᠤᠯ ᠤᠨ ᠠᠬᠠᠰ ᠵᠠᠬᠠᠰ ᠬᠦᠮᠦᠰ ᠡᠴᠡ ᠰᠤᠷᠭᠠᠯ ᠠᠪᠬᠤ ᠦᠭᠡᠢ ᠬᠡᠦᠬᠡᠳ ᠢ ᠰᠢᠭᠤᠳ ︿ ︿ ᠳᠡᠭᠡᠲᠡᠢ ᠬᠦᠮᠦᠨ ᠦ ᠦᠭᠡᠨ ᠳ᠋ᠦ ᠣᠷᠤᠬᠤ ᠦᠭᠡᠢ ᠪᠣᠯ ᠳᠡᠩᠰᠢᠬᠦ ᠴᠠᠭ ᠪᠠᠶᠢᠮᠤᠢ ﹀ ﹀ ᠭᠡᠵᠦ ᠰᠤᠷᠭᠠᠨ ᠰᠠᠨᠠᠭᠤᠯᠳᠠᠭ ᠪᠠᠶᠢᠬᠰᠠᠨ ᠪᠦᠭᠡᠦᠨ ︿ ︿ ᠲᠡᠨᠡᠭ ᠮᠠᠭᠤ ᠬᠦᠮᠦᠨ ᠰᠤᠷᠭᠠᠯ ᠦᠭᠡᠢ ᠲᠥᠭᠡᠷᠢᠮᠡᠯ ᠮᠠᠭᠤ ᠨᠣᠬᠠᠢ ᠡᠵᠡᠨ ᠦᠭᠡᠢ ﹀ ﹀ ᠭᠡᠬᠦᠴᠢᠯᠡᠨ ᠵᠦᠢᠷ ᠰᠡᠴᠡᠨ ᠦᠭᠡ ᠪᠡᠷ ᠬᠢᠯᠢᠩᠨᠡᠨ ᠰᠤᠷᠭᠠᠳᠠᠭ ᠪᠠᠶᠢᠬᠰᠠᠨ ᠃ ᠭᠡᠷ ᠵᠠᠭᠤᠷ᠎ᠠ ᠦᠭᠡ ᠨᠣᠮ ᠲᠠᠢ ᠶᠠᠪᠤᠬᠤ ᠶ᠋ᠢ ᠬᠦᠰᠡᠵᠦ ︿ ︿ ᠥᠰᠬᠦ ᠮᠠᠯ ᠤᠨ ᠥᠩᠭᠡ ᠨᠢ ᠨᠢᠭᠡ ᠂ ᠥᠭᠡᠳᠡᠯᠡᠬᠦ ᠭᠡᠷ ᠦᠨ ᠦᠭᠡ ᠨᠢ ᠨᠢᠭᠡ ﹀ ﹀ ᠭᠡᠵᠦ ᠠᠬᠠᠮᠠᠣᠨᠴᠣᠤᠨ ᠰᠤᠷᠭᠠᠯ ᠪᠣᠯᠭᠠᠨ ᠶᠠᠷᠢᠳᠠᠭ ᠪᠠᠶᠢᠭ᠎ᠠ ᠃ ︿ ︿ ᠰᠡᠦᠨᠬᠢᠯ ᠢ ᠲᠤᠶᠠᠭᠠᠯᠠᠬᠤᠢ ᠪᠢᠯᠢᠭ ᠦᠨ ᠵᠤᠯᠠ ᠬᠡᠮᠡᠬᠦ ᠰᠤᠳᠤᠷ ᠣᠷᠤᠰᠢᠪᠠᠢ ﹀ ﹀ ᠬᠡᠮᠡᠬᠦ ᠨᠣᠮ ᠳ᠋ᠤᠷ ︿ ︿ ᠰᠠᠶᠢᠨ ᠡᠮ ᠠᠮᠠᠨ ᠳ᠋ᠤᠷ ᠭᠠᠰᠢᠭᠤᠨ ᠪᠣᠯᠪᠠᠴᠤ ᠡᠪᠡᠦᠨᠴᠢᠨ ᠳ᠋ᠦ ᠳᠤᠰᠠᠲᠠᠢ ᠂ ᠴᠢᠭᠡᠴᠢ ᠦᠭᠡ ᠴᠢᠬᠢᠨ ᠳ᠋ᠤᠷ ᠬᠠᠲᠠᠭᠤ ᠪᠣᠯᠪᠠᠴᠤ ᠠᠵᠢᠯᠯᠠᠭ᠎ᠠ ᠳ᠋ᠦ ᠳᠤᠰᠠᠲᠠᠢ ﹀ ﹀  ᠬᠡᠮᠡᠨ ᠲᠡᠮᠳᠡᠭᠯᠡᠨ ᠤᠩᠰᠢᠬᠳᠠᠵᠤ ᠪᠠᠶᠢᠬᠤ ᠪᠦᠭᠡᠦᠨ ︿ ︿ ᠠᠰᠢᠬᠳᠣ ᠰᠤᠷᠭᠠᠯ ᠦᠭᠡ ᠶ᠋ᠢ ᠣᠷᠣᠢ ᠶ᠋ᠢᠨ ᠭᠠᠪᠠᠯᠠ ᠮᠡᠳᠥ ᠦᠵᠡᠵᠦ  ᠂ ᠂ ᠂ ᠂ ᠤᠶᠢᠯᠡᠰ ᠲᠦ ᠳᠤᠰᠠᠲᠠᠢ ᠦᠭᠡ ᠶ᠋ᠢ ᠠᠮᠠᠨ ᠤᠩᠰᠢᠯᠭ᠎ᠠ ᠪᠣᠯᠭ᠎ᠠ ﹀ ﹀ ᠭᠡᠵᠦ ᠰᠠᠨᠠᠭᠤᠯᠵᠤ ᠪᠠᠶᠢᠭ᠎ᠠ ᠶ᠋ᠢ ᠮᠡᠳᠡᠵᠦ ᠶᠠᠪᠤᠶ᠎ᠠ  ᠵᠢᠷᠤᠮᠯᠠᠵᠤ ᠶᠠᠪᠤᠶ᠎ᠠ ᠪᠢᠳᠠ ᠪᠦᠭᠦᠳᠡᠭᠡᠷ  ︕
      ︿ ︿ ᠦᠭᠡ ᠨᠣᠮ ᠢᠶᠠᠷ ᠪᠣᠯ ᠤᠶᠢᠯᠡ ᠵᠠᠮ ᠢᠶᠠᠷ ﹀ ﹀ ᠭᠡᠰᠡᠨ ᠰᠣᠳᠣᠨ ᠰᠠᠶᠢᠬᠠᠨ ᠰᠤᠷᠭᠠᠯ ᠢ ᠵᠥᠪ ᠲᠠᠨᠢᠵᠤ ᠵᠦᠢᠴᠢᠯᠡᠨ ᠵᠢᠷᠤᠮᠯᠠᠵᠤ ᠶᠠᠪᠣᠪᠠᠰᠤ ᠭᠡᠷ ᠪᠦᠯᠢ ᠶ᠋ᠢᠨ ᠳᠣᠳᠤᠭᠠᠳᠤ ᠳ᠋ᠠᠭᠠᠨ ᠡᠶ᠎ᠡ ᠨᠠᠶᠢᠷᠲᠠᠢ ᠂ ᠨᠡᠶᠢᠭᠡᠮ ᠨᠡᠶᠢᠲᠡ ᠶ᠋ᠢᠨ ᠳᠣᠮᠳᠠ ᠨᠡᠷ᠎ᠡ ᠲᠥᠷᠥ ᠲᠠᠢ ᠭᠢᠯᠠᠷᠠᠭᠤᠯᠵᠤ ᠶᠠᠪᠤᠬᠤ ᠨᠢ ᠳᠠᠮᠵᠢᠭ ᠦᠭᠡᠢ ᠶᠤᠮ ᠃

                                   ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ