ᠨᠠᠢᠮᠠᠨ ᠬᠤᠰᠢᠭᠤ ᠨᠢᠬᠲᠠᠯᠠᠨ ᠪᠣᠳᠤᠬᠴᠢᠤᠨ ᠤᠨ ᠪᠣᠯᠪᠠᠰᠤᠷᠠᠯ ᠤᠨ ᠠᠩᠭᠢ ᠡᠷᠬᠢᠯᠡᠪᠡ

ᠣᠩᠰᠢᠭᠰᠠᠨ ᠤᠳᠠᠭ᠎ᠠ ᠄ 7722     ᠨᠡᠶᠢᠳᠡᠯᠡᠭᠰᠡᠨ ᠴᠠᠭ ᠄ 2018/11/15 9:21:46

      ᠤᠶᠢᠷ᠎ᠠ ᠳ᠋ᠤ ᠂ ᠨᠠᠢᠮᠠᠨ ᠬᠤᠰᠢᠭᠤᠨ ᠤ ᠡᠳ᠋ ᠦᠨ ᠵᠠᠰᠠᠭ ᠤᠨ ᠲᠣᠪᠴᠢᠶ᠎ᠠ 2 ᠡᠳᠥᠷ ᠦᠨ ᠬᠣᠭᠣᠴᠠᠭ᠎ᠠ ᠲᠠᠢ ᠨᠢᠬᠲᠠᠯᠠᠨ ᠪᠣᠳᠤᠬᠴᠢᠤᠨ ᠤᠨ ᠪᠣᠯᠪᠠᠰᠤᠷᠠᠯ ᠤᠨ ᠠᠩᠭᠢ ᠡᠷᠬᠢᠯᠡᠵᠦ ᠂ ᠪᠣᠯᠪᠠᠰᠤᠷᠠᠯ ᠳ᠋ᠤ ᠪᠦᠬᠦ ᠬᠤᠰᠢᠭᠤᠨ ᠤ ᠵᠠᠰᠠᠭ ᠵᠠᠬᠢᠷᠭ᠎ᠠ ᠠᠵᠢᠯ ᠤᠶᠢᠯᠡᠰ ᠤᠨ ᠨᠢᠭᠡᠴᠡ ᠶ᠋ᠢᠨ 460 ᠭᠠᠷᠤᠢ  ᠬᠦᠮᠦᠨ ᠣᠷᠤᠯᠴᠠᠵᠠᠢ ᠃ ᠭᠣᠤᠯᠳᠠᠭᠤ ᠨᠢᠬᠲᠠᠯᠠᠨ ᠪᠣᠳᠤᠬᠴᠢ ᠶ᠋ᠢᠨ ᠲᠥᠷᠢᠮ ᠂ ᠨᠢᠬᠲᠠᠯᠠᠨ  ᠪᠣᠳᠤᠬᠴᠢ ᠶ᠋ᠢᠨ ᠪᠣᠳᠠᠳᠤ ᠠᠵᠢᠯ ᠤᠳ ᠢ ᠰᠢᠢᠦᠨᠪᠦᠷᠢᠯᠡᠬᠦ ᠂ ᠶᠡᠷᠦᠩᠬᠡᠢ ᠡᠳ᠋ ᠦᠨ ᠶᠠᠪᠤᠳᠠᠯ ᠤᠨ ᠮᠡᠳᠡᠭᠦᠯᠦᠯᠲᠡ ᠵᠡᠷᠭᠡ ᠠᠭᠤᠯᠭ᠎ᠠ ᠶ᠋ᠢ ᠰᠤᠷᠤᠯᠴᠠᠨ ᠡᠵᠡᠮᠰᠢᠵᠦ ᠂ ᠨᠢᠬᠲᠠᠯᠠᠨ ᠪᠣᠳᠤᠬᠴᠢ ᠶ᠋ᠢᠨ ᠲᠥᠷᠢᠮ ᠦᠨ ᠥᠭᠡᠷᠡᠴᠢᠯᠡᠯᠲᠡ ᠬᠥᠭᠵᠢᠯᠲᠡ ᠶ᠋ᠢᠨ ᠭᠣᠤᠯᠳᠠᠯᠭ᠎ᠠ ᠬᠦᠴᠢᠷᠲᠡᠯᠭᠡ ᠬᠠᠯᠠᠮᠰᠢᠯ ᠠᠰᠠᠭᠤᠳᠠᠯ ᠤᠳ ᠢ ᠤᠶᠤᠨᠴᠢ ᠪᠠᠷ ᠵᠠᠳᠠᠯᠤᠨ ᠂ ᠪᠣᠯᠪᠠᠰᠤᠷᠠᠯ ᠳ᠋ᠤ ᠣᠷᠤᠯᠴᠠᠬᠰᠠᠤᠨ ᠡᠭᠦᠷᠭᠡ ᠬᠠᠷᠢᠭᠤᠴᠠᠯᠭ᠎ᠠ ᠪᠠᠨ ᠤᠶᠢᠯᠠᠭᠠᠵᠤ ᠲᠣᠬᠠᠶᠢᠯᠠᠬᠰᠠᠨ ᠠᠵᠢᠯ ᠤᠨ ᠮᠡᠳᠡᠯᠭᠡ ᠴᠢᠳᠠᠪᠤᠷᠢ ᠪᠠᠨ ᠳᠡᠭᠡᠭᠰᠢᠯᠡᠭᠦᠯᠵᠡᠢ ᠃

                                                   ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ