ᠡᠷᠳᠡᠮ ᠮᠡᠳᠡᠯᠭᠡ ᠬᠤᠷᠠᠮᠳᠤᠭᠤᠯᠬᠤ ᠰᠠᠶᠢᠨ ᠳᠠᠣᠨᠬᠠᠯ ᠲᠠᠢ ᠪᠣᠯᠤᠶ᠎ᠠ

ᠣᠩᠰᠢᠭᠰᠠᠨ ᠤᠳᠠᠭ᠎ᠠ ᠄ 5554     ᠨᠡᠶᠢᠳᠡᠯᠡᠭᠰᠡᠨ ᠴᠠᠭ ᠄ 2018/11/14 9:05:24

      ᠬᠦᠮᠦᠨ ᠬᠡᠮᠡᠭᠴᠢ ᠲᠥᠷᠦᠯᠬᠢ ᠡᠷᠳᠡᠮ ᠮᠡᠳᠡᠯᠭᠡ ᠲᠠᠢ ᠪᠣᠰᠤ ᠃ ᠬᠠᠷᠢᠨ ᠤᠷᠳᠤ ᠬᠣᠭᠣᠴᠠᠭᠠᠨ ᠤ ᠬᠠᠲᠠᠭᠤᠵᠢᠯᠲᠠᠢ ᠰᠤᠷᠤᠯᠴᠠᠬᠤ ᠪᠠᠷ ᠳᠠᠮᠵᠢᠨ ᠮᠡᠳᠡᠯᠭᠡ ᠲᠠᠢ ᠪᠣᠯᠳᠠᠭ ᠃ ᠡᠭᠦᠨ ᠳ᠋ᠦ ᠡᠩ ᠦᠨ ᠴᠠᠭ ᠤᠨ ᠬᠣᠷᠠᠮᠳᠤᠭᠤᠯᠤᠯᠭ᠎ᠠ ᠨᠢ ᠳᠠᠷᠤᠢ ᠥᠪᠡᠷ ᠦᠨ ᠰᠤᠷᠤᠯᠭ᠎ᠠ ᠪᠠᠨ ᠢᠳᠡᠭ ᠢᠳᠡᠭ ᠢᠶ᠋ᠡᠷ ᠳᠡᠭᠡᠭᠰᠢᠯᠡᠭᠦᠯᠵᠦ ᠡᠷᠳᠡᠮ ᠮᠡᠳᠡᠯᠭᠡ ᠪᠡᠨ ᠪᠠᠶᠠᠯᠢᠬᠵᠢᠭᠤᠯᠬᠤ ᠬᠠᠮᠤᠭ ᠤᠨ ᠠᠰᠢᠬᠲᠠᠢ ᠠᠷᠭ᠎ᠠ ᠮᠦᠨ ᠃
      ᠵᠠᠯᠠᠭᠤ ᠪᠠᠭ᠎ᠠ ᠰᠤᠷᠤᠬᠴᠢᠤᠨ ᠶᠠᠭᠤ ᠰᠤᠷᠴᠤ ᠶᠠᠮᠠᠷ ᠨᠣᠮ ᠤᠩᠰᠢᠬᠰᠠᠨ ᠴᠤ ᠪᠦᠷ ᠳᠠᠷᠢᠬᠢ ᠲᠣᠯᠤᠭᠠᠢ ᠪᠠᠨ ᠬᠡᠷᠡᠭᠯᠡᠵᠦ ᠰᠠᠶᠢᠳᠤᠷ ᠰᠡᠦᠨᠬᠢᠵᠦ ᠰᠠᠶᠢᠳᠤᠷ ᠪᠣᠳᠤᠯᠬᠢᠯᠠᠨ ᠨᠣᠮ ᠪᠢᠴᠢᠭ ᠦᠨ ᠵᠣᠷᠢᠭ ᠰᠠᠨᠠᠭᠠᠨ ᠤ ᠮᠦᠨ ᠴᠢᠨᠠᠷ ᠢ ᠭᠦᠨᠵᠡᠭᠡᠢ ᠤᠶᠢᠯᠠᠭᠠᠬᠤ ᠶ᠋ᠢᠨ ᠳᠠᠭᠠᠤ ᠰᠤᠷᠴᠤ ᠡᠵᠡᠮᠰᠢᠭᠰᠡᠨ ᠮᠡᠳᠡᠯᠭᠡ ᠪᠡᠨ ᠪᠠᠳᠦ ᠴᠡᠭᠡᠵᠢᠯᠡᠵᠦ ᠤᠶᠤᠨ ᠳᠠᠷᠢᠬᠢᠨ ᠳ᠋ᠠᠭᠠᠨ ᠬᠣᠷᠠᠮᠳᠤᠭᠤᠯᠵᠤ ᠪᠠᠶᠢᠪᠠᠯ ᠵᠣᠬᠢᠨ᠎ᠠ ᠃ ᠡᠶᠢᠨᠬᠦ ᠬᠤᠷᠠᠮᠳᠤᠭᠤᠯᠤᠬᠰᠠᠨ ᠮᠡᠳᠡᠯᠭᠡ ᠣᠯᠠᠨ ᠪᠣᠯᠪᠠᠰᠤ ᠬᠣᠵᠢᠮ ᠰᠡᠭᠦᠯᠡᠷ ᠬᠡᠷᠡᠭᠯᠡᠬᠦ ᠴᠢᠬᠤᠯᠠ ᠲᠠᠢ ᠦᠶᠡᠰ ᠭᠠᠴᠢᠬᠳᠠᠵᠤ ᠮᠣᠬᠤᠬᠳᠠᠬᠤ ᠦᠭᠡᠢ ᠪᠠᠶᠢᠳᠠᠭ ᠃ ᠮᠡᠳᠡᠯᠭᠡ ᠶ᠋ᠢᠨ ᠨᠡᠮᠡᠭᠳᠡᠯ ᠢ ᠳᠠᠭᠠᠯᠳᠤᠨ ᠴᠢᠳᠠᠪᠤᠷᠢ ᠴᠤ ᠳᠡᠭᠡᠭᠰᠢᠯᠡᠭᠳᠡᠳᠡᠭ ᠃
      ᠵᠠᠯᠠᠭᠤ ᠪᠠᠭᠠᠴᠤᠳ ᠪᠣᠯ ᠶᠠᠭ ᠡᠷᠳᠡᠮ ᠮᠡᠳᠡᠯᠭᠡ ᠨᠡᠮᠡᠭᠳᠡᠵᠦ ᠪᠠᠶᠢᠭ᠎ᠠ ᠰᠢᠵᠢᠷ ᠠᠯᠲᠠᠨ ᠴᠠᠭ ᠦᠶ᠎ᠡ ᠮᠦᠨ ᠃ ᠡᠨᠡ ᠬᠦ ᠠᠯᠳᠠᠵᠤ ᠣᠷᠬᠢᠪᠠᠯ ᠡᠷᠭᠢᠵᠦ ᠢᠷᠡᠬᠦ ᠦᠭᠡᠢ ᠠᠯᠲᠠ ᠪᠠᠷ ᠰᠣᠯᠢᠭᠠᠳ ᠣᠯᠵᠤ ᠳᠡᠶᠢᠯᠬᠦ ᠦᠭᠡᠢ ᠬᠣᠪᠣᠷ ᠰᠠᠶᠢᠬᠠᠨ ᠴᠠᠭ ᠦᠶ᠎ᠡ ᠳ᠋ᠦ ᠮᠡᠳᠡᠯᠭᠡ ᠶ᠋ᠢᠨ ᠰᠠᠭᠤᠷᠢ ᠶ᠋ᠢ ᠪᠠᠳᠦ ᠲᠠᠯᠪᠢᠵᠤ ᠡᠷᠳᠡᠮ ᠮᠡᠳᠡᠯᠭᠡ ᠶ᠋ᠢ ᠬᠣᠷᠠᠮᠳᠤᠭᠤᠯᠬᠤ ᠦᠭᠡᠢ ᠪᠣᠯ ︿ ︿ ᠭᠡᠨᠡᠨ ᠨᠢ ᠡᠮᠦᠨ᠎ᠡ ᠪᠡᠨ ᠂ ᠭᠡᠮᠰᠢᠯ ᠨᠢ ᠬᠣᠶᠢᠨ᠎ᠠ ᠪᠠᠨ ﹀ ﹀ ᠪᠣᠯᠵᠤ ᠬᠣᠵᠢᠮ ᠤᠨ ᠡᠳᠥᠷ ᠭᠡᠮᠰᠢᠨ ᠭᠠᠰᠢᠭᠤᠳᠠᠪᠠᠰᠤ ᠣᠷᠣᠶᠢᠳᠠᠬᠤ ᠪᠣᠯᠠᠢ ᠃
      ᠮᠡᠳᠡᠯᠭᠡ ᠶ᠋ᠢ ᠬᠣᠷᠠᠮᠳᠤᠭᠤᠯᠬᠤ ᠳ᠋ᠤ ᠶᠠᠭᠤᠨ ᠤ ᠡᠮᠦᠨ᠎ᠡ ᠬᠢᠴᠢᠶᠡᠯ ᠢᠶ᠋ᠡᠨ ᠰᠠᠶᠢᠨ ᠰᠤᠷᠴᠤ ᠬᠢᠴᠢᠶᠡᠯ ᠳᠡᠭᠡᠷᠡᠬᠢ ᠪᠠᠭᠰᠢ ᠶ᠋ᠢᠨ ᠲᠠᠶᠢᠯᠪᠤᠷᠢᠯᠠᠬᠤ ᠶ᠋ᠢ ᠰᠡᠦᠨᠬᠢᠯ ᠲᠠᠯᠪᠢᠨ ᠰᠣᠨᠤᠰᠴᠤ ᠴᠠᠭ ᠲᠣᠬᠠᠢ ᠳ᠋ᠦ᠋ᠨᠢ ᠡᠵᠡᠮᠰᠢᠵᠦ ᠠᠪᠬᠤ ᠶ᠋ᠢ ᠭᠦᠢᠴᠡᠦᠨᠬᠡᠬᠦ ᠶ᠋ᠢᠨ ᠬᠠᠮᠳᠤ ᠬᠢᠴᠢᠶᠡᠯ ᠦᠨ ᠭᠠᠳᠠᠨᠠᠬᠢ ᠴᠠᠭ ᠢ ᠰᠠᠶᠢᠳᠤᠷ ᠨᠠᠨᠳᠢᠩᠨᠠᠨ ᠠᠰᠢᠬᠯᠠᠵᠤ ᠮᠡᠳᠡᠯᠭᠡ ᠪᠡᠨ ᠪᠠᠳᠤᠣᠨᠬᠠᠨ ᠭᠦᠨᠵᠡᠭᠡᠶᠢᠷᠡᠭᠦᠯᠵᠦ ᠪᠠᠶᠢᠬᠤ ᠬᠡᠷᠡᠭᠲᠡᠢ ᠃

      ᠡᠷᠳᠡᠮ ᠮᠡᠳᠡᠯᠭᠡ ᠬᠣᠷᠠᠮᠳᠤᠭᠤᠯᠬᠤ ᠪᠣᠯ ᠰᠢᠷᠭᠠᠭᠤ ᠬᠠᠲᠠᠭᠤᠵᠢᠯᠲᠠᠢ ᠰᠤᠷᠤᠯᠴᠠᠬᠤ ᠶᠠᠪᠤᠴᠠ ᠮᠦᠨ ᠂ ᠮᠦᠨ ᠴᠤ ᠬᠦᠳᠡᠯᠮᠦᠷᠢᠯᠡᠬᠦ ᠶᠠᠪᠤᠴᠠ ᠮᠦᠨ ᠃ ᠡᠭᠦᠨ ᠳ᠋ᠦ ᠡᠷᠳᠡᠮ ᠮᠡᠳᠡᠯᠭᠡ ᠶ᠋ᠢ ᠪᠠᠭ᠎ᠠ ᠪᠠᠭ᠎ᠠ ᠪᠠᠷ ᠬᠣᠷᠠᠮᠳᠤᠭᠤᠯᠤᠨ ᠠᠯᠬᠤᠮ ᠳᠠᠷᠠᠭ᠎ᠠ ᠲᠠᠢ ᠡᠵᠡᠮᠰᠢᠨ ᠪᠠᠲᠣᠤᠨᠬᠠᠬᠤ ᠶ᠋ᠢ ᠠᠩᠬᠠᠷᠬᠤ ᠬᠡᠷᠡᠭᠲᠡᠢ ᠃ ᠳᠠᠷᠤᠢ ᠡᠷᠳᠡᠮ  ᠮᠡᠳᠡᠯᠭᠡ ᠶ᠋ᠢ ᠨᠢᠭᠡ ᠨᠢᠭᠡ ᠪᠡᠷ ᠬᠣᠷᠠᠮᠳᠤᠭᠤᠯᠬᠤ ᠶ᠋ᠢ ᠡᠷᠡᠰ ᠪᠠᠷᠢᠮᠲᠠᠯᠠᠨ ᠬᠡᠷᠡᠭ ᠪᠤᠳᠠᠰ ᠪᠠᠭ᠎ᠠ ᠡᠴᠠ ᠶᠡᠬᠡ ᠂ ᠴᠥᠬᠡᠨ ᠡᠴᠡ ᠣᠯᠠᠨ ᠂ ᠭᠦᠶᠦᠬᠡᠨ ᠡᠴᠡ ᠭᠦᠨ ᠂ ᠬᠢᠯᠪᠠᠷ ᠡᠴᠠ ᠬᠦᠴᠢᠷᠲᠡᠢ ᠂ ᠠᠯᠬᠤᠮ ᠠᠯᠬᠤᠮ ᠢᠶᠠᠷ ᠬᠥᠭᠵᠢᠳᠡᠭ ᠭᠡᠳᠡᠭ ᠢ ᠣᠯᠵᠤ ᠬᠠᠷᠠᠬᠤ ᠬᠡᠷᠡᠭᠲᠡᠢ ᠃ ᠡᠷᠳᠡᠮ ᠮᠡᠳᠡᠯᠭᠡ ᠬᠣᠷᠠᠮᠳᠤᠭᠤᠯᠬᠤ ᠳ᠋ᠤ ᠣᠮᠤᠷᠬᠠᠭ ᠪᠠᠷᠳᠠᠮ ᠢ ᠡᠷᠡᠰ ᠳᠡᠪᠴᠢᠨ ᠳᠠᠷᠣᠤ ᠬᠢᠴᠢᠶᠡᠩᠭᠦᠢ ᠣᠪᠤᠷ ᠢᠶᠠᠷ ᠬᠡᠵᠢᠶᠡᠳᠡ ᠰᠡᠦᠨᠬᠢᠯ ᠬᠠᠩᠬᠤ ᠦᠭᠡᠢ ᠪᠠᠶᠢᠵᠤ  ︿ ︿ ᠰᠤᠷᠬᠤ ᠳ᠋ᠤ ᠴᠦᠬᠦᠷᠡᠯ ᠦᠭᠡᠢ ﹀ ﹀ ᠵᠣᠷᠢᠭ ᠰᠠᠨᠠᠭ᠎ᠠ ᠶ᠋ᠢ ᠪᠠᠷᠢᠮᠲᠠᠯᠠᠨ ᠪᠠᠳᠠᠷᠠᠭᠤᠯᠵᠤ ᠂ ᠬᠠᠭᠠᠰ ᠬᠤᠭᠤᠰ ᠮᠡᠳᠡᠭᠰᠡᠨ ᠳ᠋ᠡᠬᠡᠨ ᠰᠡᠦᠨᠬᠢᠯ ᠬᠠᠨᠵᠤ ᠰᠠᠬᠰᠠᠭᠤᠷᠠᠬᠤ ᠦᠭᠡᠢ ᠪᠠᠶᠢᠬᠤ ᠬᠡᠷᠡᠭᠲᠡᠢ ᠃ ᠡᠷᠳᠡᠮ  ᠮᠡᠳᠡᠯᠭᠡ ᠭᠡᠭᠴᠢ ᠶ᠋ᠢ ᠰᠤᠷᠤᠭᠠᠳ ᠪᠠᠷᠠᠬᠤ ᠦᠭᠡᠢ ᠪᠣᠯᠬᠤᠷ ᠤᠷᠳᠤ ᠬᠣᠭᠣᠴᠠᠭ᠎ᠠ ᠪᠠᠶᠢᠩᠭᠤ ᠪᠠᠷᠢᠮᠲᠠᠯᠠᠨ ︿ ︿ ᠣᠷᠭᠢᠯ ᠳ᠋ᠤᠷ ᠭᠠᠷᠬᠤ ᠣᠮᠣᠭ ᠵᠣᠷᠢᠭ ﹀ ﹀ ᠢᠶ᠋ᠡᠷ ᠠᠯᠢᠪᠠ ᠬᠦᠴᠢᠷ ᠢ ᠢᠯᠠᠨ ᠳᠠᠪᠠᠵᠤ ᠰᠤᠷᠤᠯᠴᠠᠯᠭ᠎ᠠ ᠪᠠᠨ ᠳᠠᠰᠤᠷᠠᠯᠲᠠ ᠦᠭᠡᠢ ᠴᠢᠩᠭᠠᠣᠨᠬᠠᠪᠠᠯ ᠰᠠᠶᠢ ᠡᠷᠳᠡᠮ ᠮᠡᠳᠡᠯᠭᠡ ᠬᠣᠷᠠᠮᠳᠤᠭᠤᠯᠬᠤ ᠳ᠋ᠤ ᠠᠰᠢᠭ ᠲᠠᠢ ᠪᠠᠶᠢᠳᠠᠭ ᠃

      ᠰᠢᠨ᠎ᠡ ᠴᠠᠭ ᠡᠷᠢᠨ ᠦ  ᠰᠠᠶᠢᠨ ᠰᠠᠶᠢᠬᠠᠨ ᠢ ᠬᠦᠷᠲᠡᠵᠦ ᠵᠣᠯ ᠲᠠᠢ ᠪᠣᠶᠢᠵᠢᠭ᠎ᠠ ᠵᠠᠯᠠᠭᠤ ᠪᠠᠭᠠᠴᠤᠳ ᠮᠠᠨᠢ ᠂ ᠥᠪᠡᠷ ᠪᠡᠶ᠎ᠡ ᠡᠷᠦᠬᠡ ᠭᠡᠷ ᠡᠬᠡ ᠤᠯᠤᠰ ᠤᠨ ᠢᠶᠡᠨ ᠲᠥᠯᠦᠭᠡ ᠴᠢᠷᠮᠠᠶᠢᠨ  ᠡᠷᠳᠡᠮ ᠮᠡᠳᠡᠯᠭᠡ ᠬᠣᠷᠠᠮᠳᠤᠭᠤᠯᠬᠤ ᠰᠠᠶᠢᠨ ᠳᠠᠣᠨᠬᠠᠯ ᠲᠠᠢ ᠪᠣᠯᠵᠠᠭᠠᠶ᠎ᠠ ︕


                                                             ᠯᠢ ᠪᠤᠶᠠᠨᠴᠤᠬᠯᠠ

ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ