︿ ︿ ᠬᠣᠤᠰ11 ﹀ ﹀ ᠶ᠋ᠢᠨ ᠨᠠᠢᠮᠠᠨ ᠬᠤᠰᠢᠭᠤᠨ ᠤ ᠲᠠᠷᠢᠶᠠᠯᠠᠩ ᠤᠨ ᠪᠦᠳᠦᠭᠡᠭᠳᠡᠭᠦᠨ  ᠤ ᠰᠦᠯᠵᠢᠶᠡᠨ ᠳᠡᠭᠡᠷᠡᠬᠢ ᠪᠣᠷᠤᠯᠠᠭᠤᠯᠤᠯᠲᠠ ᠮᠢᠩᠭᠠᠨ ᠲᠦᠮᠡᠨ ᠲᠥᠭᠦᠷᠢᠭ  ᠢ ᠳᠠᠪᠠᠪᠠ

ᠣᠩᠰᠢᠭᠰᠠᠨ ᠤᠳᠠᠭ᠎ᠠ ᠄ 6843     ᠨᠡᠶᠢᠳᠡᠯᠡᠭᠰᠡᠨ ᠴᠠᠭ ᠄ 2018/11/13 9:07:21

      ᠰᠦᠯᠵᠢᠶᠡᠨ ᠦ ᠮᠡᠳᠡᠭᠡᠯᠡᠯ ᠢ ᠦᠨᠳᠦᠰᠦᠯᠡᠪᠡᠯ ᠂ 11 ᠰᠠᠷ᠎ᠠ ᠶ᠋ᠢᠨ 11 ᠦ ᠨᠢᠭᠡ ᠡᠳᠥᠷ ᠨᠠᠢᠮᠠᠨ ᠬᠤᠰᠢᠭᠤᠨ ᠤ ᠲᠠᠷᠢᠶᠠᠯᠠᠩ ᠤᠨ ᠣᠨᠴᠠᠯᠢᠬᠳᠣ ᠰᠢᠯᠢᠳᠡᠭ ᠪᠦᠳᠦᠭᠡᠭᠳᠡᠭᠦᠨ ᠦ ᠰᠦᠯᠵᠢᠶᠡᠨ ᠳᠡᠭᠡᠷᠡᠬᠢ ᠪᠣᠷᠤᠯᠠᠭᠤᠯᠤᠯᠲᠠ ᠮᠢᠩᠭᠠᠨ ᠲᠦᠮᠡᠨ ᠲᠥᠭᠦᠷᠢᠭ ᠢ ᠳᠠᠪᠠᠵᠤ ᠂ 1061 ᠲᠦᠮᠡᠨ ᠲᠥᠭᠦᠷᠢᠭ ᠲᠦ ᠬᠦᠷᠴᠦ ᠠᠳᠠᠯᠢ ᠬᠣᠭᠣᠴᠠᠭᠠᠨ ᠤ ᠬᠢ ᠡᠴᠡ ᠵᠠᠭᠤᠨ ᠤ ᠠᠷᠪᠠ ᠪᠠᠷ ᠨᠡᠮᠡᠭᠳᠡᠵᠡᠢ ᠃ ᠡᠭᠦᠨ ᠳ᠋ᠦ ᠳ᠋ᠠ ᠬᠠᠨ ᠢᠳᠡᠭᠡᠨ ᠦ ᠺᠣᠮᠫᠠᠨᠢ ᠪᠣᠯᠣᠨ ᠮᠤᠩᠭᠤᠯ ᠭᠡᠷ ᠢᠳᠡᠭᠡᠨ ᠦ ᠺᠣᠮᠫᠠᠨᠢ ᠲᠣᠰ ᠲᠣᠰ 507 ᠲᠦᠮᠡᠨ ᠲᠥᠭᠦᠷᠢᠭ ᠪᠠ 420 ᠲᠦᠮᠡᠨ ᠲᠥᠭᠦᠷᠢᠭ ᠲᠦ ᠬᠦᠷᠴᠡᠢ ᠃ ᠪᠣᠷᠤᠯᠠᠭᠤᠯᠤᠯᠲᠠ ᠰᠠᠶᠢᠲᠠᠢ ᠰᠢᠯᠢᠳᠡᠭ ᠪᠦᠳᠦᠭᠡᠭᠳᠡᠭᠦᠨ ᠭᠣᠤᠯᠳᠠᠭᠤ ᠄ ᠦᠬᠡᠷ ᠦᠨ ᠪᠣᠷᠴᠠ ᠂ ᠳᠠᠪᠤᠰᠤᠲᠤ ᠨᠣᠭᠤᠭᠠᠨ ᠤ ᠬᠠᠲᠠᠭᠠᠮᠠᠯ ᠂ ᠠᠭᠠᠯᠢᠭ ᠠᠯᠢᠮ᠎ᠠ ᠶ᠋ᠢᠨ ᠬᠠᠲᠠᠭᠠᠮᠠᠯ ᠂ ᠬᠠᠭᠤᠷᠠᠢ ᠠᠮᠤ ᠂ ᠨᠠᠷᠢᠮᠤᠨ ᠴᠠᠭᠠᠨ ᠂ ᠴᠠᠭᠠᠨ ᠢᠳᠡᠭᠡ ᠶ᠋ᠢᠨ ᠵᠦᠢᠯᠡᠰ ᠵᠡᠷᠭᠡ ᠪᠣᠯᠤᠨ᠎ᠠ ᠃     

                               ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ