ᠨᠠᠢᠮᠠᠨ ᠬᠤᠰᠢᠭᠤ ᠬᠦᠳᠡᠭᠡ ᠲᠣᠰᠬᠤᠨ ᠤ ᠵᠠᠯᠠᠭᠤᠴᠤᠳ ᠤᠨ ᠤᠶᠢᠯᠡᠰ ᠪᠣᠰᠬᠠᠬᠰᠠᠨ ᠤᠶᠢᠯᠡ ᠠᠵᠢᠯᠯᠠᠭ᠎ᠠ ᠶ᠋ᠢᠨ ᠮᠡᠳᠡᠭᠦᠯᠦᠯᠲᠡ ᠶ᠋ᠢᠨ ᠬᠣᠷᠠᠯ ᠬᠢᠪᠡ

ᠣᠩᠰᠢᠭᠰᠠᠨ ᠤᠳᠠᠭ᠎ᠠ ᠄ 6797     ᠨᠡᠶᠢᠳᠡᠯᠡᠭᠰᠡᠨ ᠴᠠᠭ ᠄ 2018/11/12 9:10:35

      ᠤᠶᠢᠷ᠎ᠠ ᠳ᠋ᠤ ᠂ ᠨᠠᠢᠮᠠᠨ ᠬᠤᠰᠢᠭᠤᠨ ᠤ ᠬᠣᠶᠢᠴᠢ ᠦᠶ᠎ᠡ ᠶ᠋ᠢᠨ ᠬᠢᠨ ᠢ ᠬᠠᠯᠠᠮᠵᠢᠯᠠᠬᠤ ᠠᠵᠢᠯ ᠤᠨ ᠵᠦᠪᠯᠡᠯ ᠪᠣᠯᠣᠨ ᠬᠤᠰᠢᠭᠤᠨ ᠤ ᠡᠪᠯᠡᠯ ᠦᠨ ᠬᠣᠷᠢᠶ᠎ᠠ ᠬᠠᠮᠳᠤᠷᠠᠨ ᠬᠦᠳᠡᠭᠡ ᠲᠣᠰᠬᠤᠨ ᠤ ᠵᠠᠯᠠᠭᠤᠴᠤᠳ ᠤᠨ ᠤᠶᠢᠯᠡᠰ ᠪᠣᠰᠬᠠᠬᠰᠠᠨ ᠤᠶᠢᠯᠡ ᠠᠵᠢᠯᠯᠠᠭ᠎ᠠ ᠶ᠋ᠢᠨ ᠮᠡᠳᠡᠭᠦᠯᠦᠯᠲᠡ ᠶ᠋ᠢᠨ ᠬᠤᠷᠠᠯ ᠬᠢᠵᠦ ᠂ ᠬᠤᠷᠠᠯ ᠳ᠋ᠤ ᠥᠪᠥᠷ ᠮᠤᠩᠭᠤᠯ ᠤᠨ ᠵᠦᠩ ᠢᠦᠢ ᠵᠢᠭᠦᠷᠲᠡᠨ ᠦ ᠤᠶᠢᠯᠡᠰ ᠤᠨ ᠬᠢᠵᠠᠭᠠᠷᠳᠤ ᠺᠣᠮᠫᠠᠨᠢ ᠶ᠋ᠢᠨ ᠨᠠᠢᠮᠠᠨ ᠳ᠋ᠠᠬᠢ ᠰᠠᠯᠪᠤᠷᠢ ᠺᠣᠮᠫᠠᠨᠢ ᠶ᠋ᠢᠨ ᠳᠠᠭᠠᠭᠠᠮᠠᠯ ᠬᠦᠸ᠋ᠸ ᠬᠣᠩ ᠴᠸᠩ ᠵᠡᠷᠭᠡ 10 ᠨᠡᠷᠡᠰ ᠬᠦᠳᠡᠭᠡ ᠲᠣᠰᠬᠤᠨ ᠤ ᠪᠠᠶᠠᠵᠢᠨ ᠴᠢᠨᠡᠭᠡᠯᠢᠭᠵᠢᠭᠰᠡᠨ ᠨᠡᠶᠢᠲᠡᠯᠢᠭ ᠵᠢᠱᠢᠶᠡᠨ ᠦ ᠵᠠᠯᠠᠭᠤ ᠳ᠋ᠤ ︿ ︿ ᠪᠦᠬᠦ ᠬᠤᠰᠢᠭᠤᠨ ᠤ ᠬᠦᠳᠡᠭᠡ ᠲᠣᠰᠬᠤᠨ ᠤ ᠵᠠᠯᠠᠭᠤᠴᠤᠳ ᠤᠨ ᠤᠶᠢᠯᠡᠰ ᠪᠣᠰᠬᠠᠬᠰᠠᠨ ᠣᠳᠤᠨ ﹀ ﹀ ᠨᠡᠷᠡᠮᠵᠢᠳᠦ ᠢᠷᠠᠭᠤ ᠠᠯᠳᠠᠷ  ᠬᠦᠷᠲᠡᠭᠡᠨ ᠱᠠᠩᠨᠠᠯ ᠣᠯᠭᠤᠵᠠᠢ ᠃ ᠬᠤᠷᠠᠯ ᠳ᠋ᠤ ᠪᠠᠶᠠᠨᠲᠠᠯ᠎ᠠ ᠰᠤᠮᠤ ᠶ᠋ᠢᠨ ᠪᠸᠨ ᠨᠢᠦ ᠲᠡᠵᠢᠭᠡᠪᠦᠷᠢ ᠶ᠋ᠢᠨ ᠬᠣᠷᠰᠢᠶᠠᠵᠢᠯ ᠤᠨ ᠬᠠᠷᠢᠭᠤᠴᠠᠯᠭᠠᠲᠠᠨ ᠮᠸᠩ ᠹᠠᠨ ᠱᠸᠩ ᠂ ᠰᠢᠨ ᠵᠸᠨ ᠦ ᠱᠸᠪᠡᠷᠳᠦ ᠲᠣᠰᠬᠤᠨ ᠤ ᠨᠤᠲᠤᠭ ᠲᠠᠭᠠᠨ ᠪᠤᠴᠠᠨ ᠢᠷᠡᠵᠦ ᠤᠶᠢᠯᠡᠰ ᠪᠣᠰᠬᠠᠬᠰᠠᠨ ᠤᠶᠤᠲᠠᠨ ᠵᠠᠯᠠᠭᠤ ᠸᠠᠩ ᠵᠢᠶᠠᠨ ᠶᠦᠩ ᠵᠡᠷᠭᠡ 5 ᠨᠡᠶᠢᠲᠡᠯᠢᠭ ᠵᠢᠱᠢᠶᠡᠴᠢ ᠤᠷᠢᠳ ᠬᠣᠵᠢᠳ ᠶᠠᠷᠢᠶ᠎ᠠ ᠲᠠᠯᠪᠢᠨ ᠲᠣᠷᠰᠢᠯᠭ᠎ᠠ ᠪᠠᠨ  ᠲᠠᠨᠢᠯᠴᠠᠭᠤᠯᠵᠤ ᠂ ᠴᠢᠷᠮᠠᠶᠢᠬᠰᠠᠨ ᠳᠡᠭᠡᠷ᠎ᠡ ᠪᠡᠨ ᠴᠢᠷᠮᠠᠶᠢᠵᠤ ᠂ ᠬᠦᠳᠡᠭᠡ ᠲᠣᠰᠬᠤᠨ ᠤ ᠥᠷᠭᠡᠨ ᠠᠭᠤᠳᠠᠮ ᠡᠬᠡ ᠭᠠᠵᠠᠷ ᠳᠡᠭᠡᠷ᠎ᠡ ᠶᠡᠬᠡ ᠤᠶᠢᠯᠡᠰ ᠢ ᠪᠦᠳᠦᠭᠡᠵᠦ ᠂ ᠣᠨᠤᠪᠴᠢᠲᠠᠢ ᠪᠠᠷ ᠶᠠᠳᠠᠭᠤ ᠡᠴᠠ ᠠᠩᠭᠢᠵᠢᠷᠠᠭᠤᠯᠬᠤ ᠰᠢᠪᠳᠤᠯᠤᠯᠲᠠ ᠪᠣᠯᠣᠨ ᠬᠦᠳᠡᠭᠡ ᠲᠣᠰᠬᠤᠨ ᠢ ᠬᠦᠭᠵᠢᠭᠦᠯᠦᠨ ᠮᠠᠨᠳᠤᠭᠤᠯᠬᠤ ᠠᠵᠢᠯᠯᠠᠭ᠎ᠠ ᠳ᠋ᠤ ᠥᠷᠭᠦᠯᠵᠢᠯᠡᠨ ᠬᠦᠴᠦ ᠪᠡᠨ ᠡᠷᠭᠦᠨ ᠵᠢᠦᠨᠬᠦᠯ ᠦᠵᠡᠭᠦᠯᠦᠨ᠎ᠡ ᠭᠡᠵᠡᠭᠡᠪᠡ ᠃     

                                             ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ