ᠬᠦᠮᠦᠰ ᠦᠨ ᠬᠣᠷᠤᠰᠤᠯ ᠢ ᠳᠡᠭᠳᠡᠭᠡᠬᠦ ᠦᠭᠡ ᠶ᠋ᠢ ᠪᠣᠤ ᠯᠠ ᠬᠡᠯᠡᠶ᠎ᠡ

ᠣᠩᠰᠢᠭᠰᠠᠨ ᠤᠳᠠᠭ᠎ᠠ ᠄ 7611     ᠨᠡᠶᠢᠳᠡᠯᠡᠭᠰᠡᠨ ᠴᠠᠭ ᠄ 2018/11/11 8:50:43

      ᠬᠡᠯᠡ ᠨᠢ ᠬᠦᠮᠦᠰ ᠦᠨ ᠦᠵᠡᠯ ᠰᠠᠨᠠᠯ ᠢᠶᠡᠨ ᠰᠣᠯᠢᠯᠴᠠᠬᠤ ᠬᠠᠷᠢᠯᠴᠠᠭᠠᠨ ᠤ ᠪᠠᠭᠠᠵᠢ ᠪᠣᠯᠤᠬᠰᠠᠨ ᠤ ᠬᠤᠪᠢ ᠳ᠋ᠤ ᠬᠡᠯᠡᠵᠦ ᠭᠠᠷᠭᠠᠬᠰᠠᠨ ᠦᠭᠡ ᠨᠢ ᠬᠦᠮᠦᠨ ᠢ ᠪᠠᠶᠠᠷᠯᠠᠭᠤᠯᠵᠤ ᠮᠡᠳᠡᠨ᠎ᠡ ᠂ ᠭᠣᠮᠤᠳᠠᠭᠠᠵᠤ ᠴᠤ ᠮᠡᠳᠡᠨ᠎ᠡ ᠃ ᠴᠢᠨᠠᠬᠰᠢᠯᠠᠪᠠᠯ ᠬᠦᠮᠦᠰ ᠦᠨ ᠬᠣᠷᠤᠰᠤᠯ ᠵᠠᠨᠤᠯ ᠢ ᠴᠤ ᠳᠡᠭᠳᠡᠭᠡᠵᠦ ᠮᠡᠳᠡᠨ᠎ᠡ ᠃ ᠲᠡᠭᠡᠪᠡᠯ ᠶᠠᠮᠠᠷ ᠦᠭᠡᠨ ᠳ᠋ᠦ ᠬᠦᠮᠦᠨ ᠬᠣᠷᠤᠰᠳᠠᠭ ᠪᠤᠢ ᠭᠡᠪᠡᠯ ᠶᠠᠷᠢᠶᠠᠨ ᠦᠭᠡᠢ ᠰᠠᠶᠢᠬᠠᠨ ᠦᠭᠡ ᠂ ᠮᠠᠬᠲᠠᠭᠠᠯ ᠦᠭᠡᠨ ᠳ᠋ᠦ ᠬᠣᠷᠤᠰᠬᠤ ᠪᠠᠷ ᠦᠭᠡᠢ ᠂ ᠬᠠᠷᠢᠨ ᠦᠨᠡᠨ ᠢ ᠭᠠᠵᠢᠭᠤᠳᠠᠭᠤᠯᠵᠤ ᠬᠣᠤᠷᠯᠠᠬᠤ ᠰᠠᠨᠠᠭ᠎ᠠ ᠲᠠᠢ ᠶᠣᠷᠤᠯᠠᠵᠤ ᠬᠡᠯᠡᠭᠰᠡᠨ ᠦᠭᠡᠨ ᠳ᠋ᠦ ᠬᠦᠮᠦᠰ ᠠᠮᠠᠷᠬᠠᠨ ᠬᠣᠷᠤᠰᠳᠠᠭ ᠶᠤᠮ ᠃ ᠪᠣᠳᠠᠲᠠᠢ ᠬᠡᠳᠦᠨ ᠲᠠᠯ᠎ᠠ ᠡᠴᠠ ᠳᠣᠪᠴᠢᠯᠠᠨ ᠶᠠᠷᠢᠪᠠᠯ ᠳᠠᠷᠤᠢ ᠬᠣᠳᠠᠯ ᠴᠣᠤᠷᠬᠠᠯ ᠦᠭᠡᠨ ᠳ᠋ᠦ ᠬᠦᠮᠦᠨ ᠬᠣᠷᠤᠰᠤᠨ᠎ᠠ ᠃ ᠬᠣᠳᠠᠯ ᠴᠣᠤᠷᠬᠠᠯ ᠦᠭᠡ ᠪᠣᠯ ᠳᠤᠷ᠎ᠠ ᠲᠠᠪᠠ ᠪᠠᠷ ᠢᠶᠡᠨ ᠵᠣᠬᠢᠶᠠᠨ ᠣᠷᠣ ᠦᠭᠡᠢ ᠭᠠᠵᠠᠷ ᠣᠪᠣᠭ᠎ᠠ ᠪᠣᠰᠬᠠᠵᠤ ᠬᠦᠮᠦᠰ ᠢ ᠮᠡᠬᠡᠯᠡᠨ ᠬᠠᠶᠠ ᠵᠠᠷᠢᠮ ᠳ᠋ᠠᠭᠠᠨ ᠴᠢᠰᠤ ᠦᠭᠡᠢ ᠠᠯᠠᠬᠤ ᠶᠠᠪᠤᠳᠠᠯ ᠭᠠᠷᠳᠠᠭ ᠃ ᠡᠶᠢᠨᠬᠦ ᠬᠣᠳᠠᠯ ᠴᠣᠤᠷᠬᠠᠯ ᠦᠭᠡ ᠶ᠋ᠢ ᠮᠡᠷᠭᠡᠳ ᠳᠥᠷᠰᠦᠯᠡᠬᠦ ᠳ᠋ᠡᠬᠡᠨ ︿ ︿ ᠬᠤᠷᠴᠠ ᠰᠠᠪᠠᠷ ᠦᠭᠡᠢ ᠪᠠᠶᠢᠲᠠᠯ᠎ᠠ ᠪᠠᠨ ᠬᠦᠮᠦᠰ ᠦᠨ ᠪᠠᠭᠠᠯᠵᠣᠤᠷ ᠢ ᠨᠢ ᠪᠠᠵᠠᠨ ᠠᠮᠢᠰᠬᠤᠭ᠎ᠠ ᠳᠠᠰᠤᠷᠠᠭᠤᠯᠳᠠᠭ ﹀ ﹀ ᠭᠡᠵᠡᠢ ᠃ ᠬᠣᠪᠴᠢ ᠦᠭᠡᠨ ᠳ᠋ᠦ ᠬᠦᠮᠦᠨ ᠬᠣᠷᠤᠰᠤᠨ᠎ᠠ ᠃ ᠬᠣᠪᠴᠢ ᠦᠭᠡ ᠨᠢ ᠬᠦᠮᠦᠰ ᠦᠨ ᠬᠣᠭᠤᠷᠤᠨᠳᠤᠬᠢ ᠰᠠᠶᠢᠨ ᠰᠠᠶᠢᠬᠠᠨ ᠨᠥᠬᠦᠷᠯᠡᠯ ᠂ ᠲᠣᠳᠤᠨᠤ ᠡᠶᠡᠯᠰᠡᠭ ᠬᠠᠷᠢᠴᠠᠭ᠎ᠠ ᠶ᠋ᠢ ᠡᠪᠳᠡᠵᠦ ᠂ ᠬᠣᠶᠠᠷ ᠤᠨ ᠳᠣᠮᠳᠠ ᠬᠣᠩᠰᠢᠶᠠᠷ ᠵᠦᠭᠡᠭᠡᠵᠦ ᠬᠣᠳᠠᠯ ᠦᠨᠡᠨ ᠢᠶ᠋ᠡᠷ ᠠᠶᠢᠯᠠᠳᠤᠨ ᠵᠠᠪᠰᠠᠷᠳᠠᠭᠤᠯᠳᠠᠭ ᠪᠣᠯᠬᠤᠷ ᠬᠣᠤᠷ ᠶᠡᠬᠡᠲᠡᠢ ᠪᠠᠶᠢᠳᠠᠭ ᠃ ᠮᠡᠷᠭᠡᠳ ᠡᠴᠡ ᠬᠣᠪᠴᠢ ᠦᠭᠡ ᠶ᠋ᠢ ︿ ︿ ᠲᠡᠭᠦᠨ ᠳ᠋ᠦ ᠵᠢᠳᠠ ᠰᠡᠯᠡᠮ᠎ᠡ ᠶ᠋ᠢᠨ ᠵᠢᠬᠡᠭᠦᠨ ᠭᠡᠷᠡᠯ ᠦᠭᠡᠢ ᠂ ᠵᠢᠩᠭᠢᠨᠢ ᠫᠣᠤ ᠦᠨᠡᠨ ᠰᠤᠮᠤ ᠦᠭᠡᠢ ᠪᠣᠯᠪᠠᠴᠤ ᠬᠦᠮᠦᠨ ᠦ ᠭᠡᠷ ᠡᠷᠦᠬᠡ ᠶ᠋ᠢ ᠪᠤᠰᠠᠨᠢᠭᠤᠯᠵᠤ ᠨᠡᠷ᠎ᠡ ᠨᠢᠭᠤᠷ ᠢ ᠦᠭᠡᠶᠢᠬᠢᠵᠦ ᠂ ᠢᠷᠡᠭᠡᠳᠦᠢ ᠶ᠋ᠢᠨ ᠵᠠᠮ ᠢ ᠪᠦᠭᠯᠡᠬᠦ ᠮᠦᠷᠲᠡᠭᠡᠨ ᠦᠬᠦᠯ ᠦᠨ ᠨᠥᠬᠡᠨ ᠳ᠋ᠦ ᠴᠤ ᠣᠷᠤᠭᠤᠯᠳᠠᠭ ﹀ ﹀ ᠭᠡᠰᠡᠨ ᠨᠢ ︿ ︿ ᠬᠣᠪᠴᠢ ᠦᠭᠡ ᠬᠦᠮᠦᠨ ᠠᠯᠠᠮᠤᠢ ﹀ ﹀ ᠭᠡᠬᠦ ᠡᠷᠲᠡᠨ ᠦ ᠦᠭᠡ ᠲᠠᠢ ᠠᠳᠠᠯᠢ ᠰᠠᠨᠠᠭ᠎ᠠ ᠪᠦᠬᠦᠢ ᠰᠡᠷᠡᠮᠵᠢ ᠪᠣᠯᠭᠠᠬᠤ ᠶ᠋ᠢ ᠬᠢᠴᠢᠶᠡᠭᠰᠡᠨ ᠦᠭᠡ ᠪᠣᠯᠤᠯᠲᠠᠢ ᠃ ᠳᠣᠷᠤᠮᠵᠢᠯᠠᠬᠰᠠᠨ ᠦᠭᠡ ᠬᠦᠮᠦᠰ ᠢ ᠬᠣᠷᠤᠰᠬᠠᠨ᠎ᠠ ᠃ ᠥᠪᠡᠷ ᠦᠨ ᠪᠡᠶ᠎ᠡ ᠪᠡᠨ ᠥᠷᠦᠭᠡᠯ ᠡᠴᠡ ᠳᠡᠭᠡᠭᠦᠷ ᠬᠡᠮᠡᠨ ᠰᠠᠬᠰᠠᠭᠤᠷᠠᠵᠤ ᠥᠭᠡᠷ᠎ᠡ ᠪᠣᠰᠣᠤᠨ ᠢ ᠳᠣᠤᠷᠠᠰᠢᠶᠠᠨ ᠦᠵᠡᠵᠦ ᠳᠣᠷᠤᠮᠵᠢᠯᠠᠨ ᠬᠡᠯᠡᠬᠦ ᠨᠢ ᠬᠦᠮᠦᠰ ᠦᠨ ᠡᠭᠳᠡᠭᠦᠦ ᠶ᠋ᠢ ᠬᠦᠷᠭᠡᠵᠦ ᠬᠣᠷᠤᠰᠤᠯ ᠭᠤᠮᠤᠳᠠᠯ ᠢ ᠳᠡᠭᠳᠡᠭᠡᠳᠡᠭ ᠶᠤᠮ ᠃ ᠬᠠᠷᠢᠶᠠᠯ ᠤᠨ ᠦᠭᠡᠨ ᠳ᠋ᠦ ᠬᠦᠮᠦᠰ ᠠᠭᠤᠷᠯᠠᠨ ᠬᠣᠷᠤᠰᠳᠠᠭ ᠃ ᠬᠡᠷᠡᠭᠦᠯ ᠮᠠᠷᠭᠤᠭᠠᠨ ᠤ ᠳᠣᠮᠳᠠ ᠳᠡᠶᠢᠯᠦᠭᠳᠡᠵᠦ ᠂ ᠶᠣᠰᠣ ᠠᠯᠳᠠᠨ ᠬᠡᠯᠡᠵᠦ ᠭᠠᠷᠴᠤ ᠳᠡᠶᠢᠯᠬᠦ ᠦᠭᠡᠢ ᠪᠠᠴᠢᠮᠳᠠᠬᠤ ᠳ᠋ᠠᠭᠠᠨ ᠬᠠᠷᠢᠶᠠᠯ ᠵᠦᠭᠡᠯ ᠲᠠᠯᠪᠢᠳᠠᠭ ᠃ ᠡᠨᠡ ᠨᠢ ᠦᠨᠡᠨ ᠳ᠋ᠡᠬᠡᠨ ᠳᠣᠷᠣᠢ ᠪᠠᠭᠤᠷᠠᠢ ᠶ᠋ᠢᠨ ᠪᠣᠳᠠᠳᠤ ᠨᠢᠭᠡᠨ ᠢᠯᠡᠷᠡᠯ ᠮᠦᠨ ᠃ ᠭᠠᠳᠠᠭᠤᠷᠴᠢᠯᠠᠨ ᠬᠡᠯᠡᠭᠰᠡᠨ ᠦᠭᠡᠨ ᠳ᠋ᠦ ᠬᠦᠮᠦᠨ ᠬᠣᠷᠤᠰᠤᠨ᠎ᠠ ᠃ ᠭᠠᠳᠠᠭᠤᠷᠴᠢᠯᠠᠨ ᠬᠡᠯᠡᠭᠰᠡᠨ ᠦᠭᠡ ᠬᠦᠮᠦᠨ ᠦ ᠬᠠᠯᠠᠭᠤᠨ ᠰᠡᠦᠨᠬᠢᠯ ᠢ ᠬᠥᠷᠦᠭᠡᠵᠦ ᠪᠦᠯᠭᠦᠮᠳᠡᠯ ᠳᠠᠪᠰᠢᠯᠲᠠ ᠳ᠋ᠤ ᠠᠰᠢᠭ ᠦᠭᠡᠢ ᠪᠣᠯᠬᠤᠷ ᠬᠦᠮᠦᠰ ᠦᠨ ᠳᠤᠷ᠎ᠠ ᠦᠭᠡᠶᠢᠴᠡᠯ ᠢ ᠬᠦᠷᠭᠡᠵᠦ ᠠᠵᠢᠯ ᠤᠶᠢᠯᠡᠰ ᠤᠨ ᠠᠬᠢᠴᠠ ᠶ᠋ᠢ ᠨᠥᠯᠦᠭᠡᠯᠡᠳᠡᠭ ᠃
ᠠᠵᠤ ᠠᠮᠢᠳᠤᠷᠠᠯ ᠂ ᠠᠵᠢᠯ ᠤᠶᠢᠯᠡᠰ ᠤᠨ ᠢᠶᠡᠨ ᠠᠮᠵᠢᠯᠲᠠ ᠪᠦᠳᠦᠮᠵᠢ ᠶ᠋ᠢᠨ ᠲᠥᠯᠦᠭᠡ ᠪᠡᠶ᠎ᠡ ᠪᠡᠶ᠎ᠡ ᠪᠡᠨ ᠬᠠᠷᠢᠯᠴᠠᠨ ᠬᠦᠨᠳᠦᠦᠨᠬᠡᠵᠦ ᠂ ᠥᠪᠡᠷ ᠦᠨ ᠰᠠᠨᠠᠭ᠎ᠠ ᠰᠡᠦᠨᠬᠢᠯᠭᠡ ᠪᠡᠨ ᠪᠣᠯᠭᠤᠮᠵᠢᠲᠠᠢ ᠪᠠᠷ ᠶᠠᠷᠢᠵᠤ ᠢᠯᠡᠦᠨᠬᠡᠪᠡᠯ ᠵᠣᠬᠢᠨ᠎ᠠ ᠃ ᠪᠣᠳᠤᠯ ᠳ᠋ᠠᠭᠠᠨ ᠦᠭᠡᠢ ᠦᠭᠡ ᠶ᠋ᠢ ᠶᠠᠷᠢᠵᠤ ᠭᠠᠷᠭᠠᠬᠤ ᠦᠭᠡᠢ ᠭᠡᠳᠡᠭ ᠢᠶ᠋ᠡᠷ ᠨᠢᠭᠡᠨᠲᠡ ᠬᠡᠯᠡᠵᠦ ᠭᠠᠷᠭᠠᠬᠰᠠᠨ ᠦᠭᠡᠨ ᠦ ᠬᠣᠶᠢᠨ᠎ᠠ ᠡᠴᠠ ᠶᠠᠭᠠᠬᠢᠵᠤ ᠵᠠᠰᠠᠵᠤ ᠬᠡᠴᠢᠨᠡᠭᠡᠨ ᠳᠣᠳᠤᠷᠬᠠᠶᠢᠯᠠᠨ ᠲᠠᠶᠢᠯᠪᠤᠷᠢᠯᠠᠬᠰᠠᠨ ᠴᠤ ᠪᠦᠷ ᠳᠤᠰᠠ ᠦᠭᠡᠢ ᠰᠢᠭ ᠪᠣᠯᠳᠠᠭ  ᠤᠴᠢᠷᠲᠠᠢ ᠃
      ᠬᠦᠮᠦᠰ ᠦᠨ ᠬᠣᠷᠤᠰᠤᠯ ᠢ ᠳᠡᠭᠳᠡᠭᠡᠬᠦ ᠦᠭᠡ ᠶ᠋ᠢ ᠪᠠᠶᠢᠩᠭᠤ ᠬᠡᠯᠡᠵᠦ ᠬᠦᠮᠦᠨ ᠢ ᠳᠡᠶᠢᠯᠦᠨ᠎ᠡ ᠬᠡᠮᠡᠨ ᠠᠭᠠᠰᠢᠯᠠᠬᠤ ᠠᠨᠤ ᠬᠡᠪ ᠴᠢᠨᠠᠷ ᠳᠣᠷᠣᠢ ᠂ ᠪᠣᠯᠪᠠᠰᠤᠨ ᠪᠣᠰᠤ ᠶ᠋ᠢᠨ ᠪᠣᠳᠠᠳᠤ ᠢᠯᠡᠷᠡᠯ ᠪᠣᠯᠬᠤ ᠶᠤᠮ ᠃

ᠬᠡᠨ ᠴᠤ ᠭᠡᠰᠡᠨ ᠬᠦᠮᠦᠰ ᠦᠨ ᠬᠣᠷᠤᠰᠤᠯ ᠵᠠᠨᠤᠯ ᠢ ᠳᠡᠭᠳᠡᠭᠡᠬᠦ ᠦᠭᠡ ᠶ᠋ᠢ ᠪᠣᠤ ᠯᠠ ᠬᠡᠯᠡᠶ᠎ᠡ ︕


                                                   ᠯᠢ ᠪᠤᠶᠠᠨᠴᠤᠬᠯᠠ

ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ