ᠰᠠᠨᠠᠭᠠᠨ ᠤ ᠰᠠᠴᠤᠷᠠᠭ

ᠣᠩᠰᠢᠭᠰᠠᠨ ᠤᠳᠠᠭ᠎ᠠ ᠄ 6234     ᠨᠡᠶᠢᠳᠡᠯᠡᠭᠰᠡᠨ ᠴᠠᠭ ᠄ 2018/11/10 8:35:21

ᠰᠠᠨᠠᠭᠠᠨ ᠤ ᠰᠠᠴᠤᠷᠠᠭ
        ᠯᠢ ᠪᠤᠶᠠᠨᠴᠤᠬᠯᠠ
ᠴᠢᠳᠠᠯ ᠭᠡᠭᠴᠢ ᠪᠡᠶ᠎ᠡ ᠶ᠋ᠢᠨ ᠬᠦᠴᠦ
ᠴᠢᠳᠠᠪᠤᠷᠢ ᠭᠡᠵᠦ ᠪᠢᠯᠢᠭ ᠦᠨ ᠤᠬᠠᠭᠠᠨ
ᠰᠡᠦᠨᠬᠢᠯ ᠲᠦᠭᠦᠷᠡᠩ ᠪᠣᠯᠪᠠᠰᠤ ᠵᠢᠷᠭᠠᠯ ᠪᠣᠯᠠᠢ
ᠰᠠᠨᠠᠭ᠎ᠠ ᠲᠡᠨᠢᠭᠦᠨ ᠪᠠᠶᠢᠪᠠᠰᠤ ᠴᠡᠩᠭᠡᠯ ᠪᠤᠶᠤ
ᠰᠡᠵᠢᠭᠯᠡᠵᠦ ᠯᠠ ᠪᠠᠶᠢᠪᠠᠯ ᠰᠠᠯᠬᠤ ᠶ᠋ᠢᠨ ᠲᠡᠮᠳᠡᠭ
ᠰᠡᠷᠡᠮᠵᠢᠯᠡᠵᠦ ᠯᠠ ᠪᠠᠶᠢᠪᠠᠯ ᠢᠯᠠᠬᠤ ᠶ᠋ᠢᠨ ᠲᠡᠮᠳᠡᠭ
ᠵᠢᠬᠡᠭᠦᠨ ᠪᠣᠳᠤᠯ ᠵᠡᠷᠯᠢᠭ ᠰᠠᠨᠠᠭ᠎ᠠ ᠪᠠᠯᠠᠮᠠᠳ ᠤᠨ ᠡᠬᠢ
ᠵᠥᠭᠡᠯᠡᠨ ᠰᠡᠦᠨᠬᠢᠯ ᠵᠥᠪ ᠰᠡᠦᠨᠬᠢᠴᠡ ᠪᠣᠯᠪᠠᠰᠤᠨ ᠤ ᠣᠬᠢ
ᠰᠡᠭᠦᠯ ᠨᠢ ᠠᠳᠠᠯᠢ ᠰᠢᠷᠪᠠᠯᠵᠠᠬᠤ ᠨᠢ ᠪᠢᠯᠳᠠᠤᠴᠢ ᠶ᠋ᠢᠨ ᠲᠡᠮᠳᠡᠭ
ᠰᠡᠭᠦᠳᠡᠷ ᠨᠢ ᠮᠡᠳᠥ ᠳᠡᠯᠳᠡᠭᠴᠡᠬᠦ ᠨᠢ ᠪᠠᠭᠤᠷᠠᠢ ᠶ᠋ᠢᠨ ᠲᠡᠮᠳᠡᠭ
ᠡᠷᠬᠡ ᠲᠠᠢ ᠬᠦᠮᠦᠨ ᠰᠦᠷᠲᠡᠢ ᠪᠠᠶᠢᠳᠠᠭ
ᠢᠲᠡᠭᠡᠯ ᠲᠠᠢ ᠬᠦᠮᠦᠨ ᠬᠥᠨᠳᠦᠲᠡᠢ ᠪᠠᠶᠢᠳᠠᠭ
ᠲᠥᠷᠦᠯᠬᠢ ᠪᠡᠶ᠎ᠡ ᠶ᠋ᠢ ᠬᠣᠤᠷᠳᠠᠭᠤᠯᠬᠤ ᠨᠢ ᠲᠣᠭᠤᠷᠢᠨ ᠤ ᠪᠤᠬᠢᠷᠳᠤᠯ
ᠳᠠᠷᠢᠬᠢ ᠲᠣᠯᠤᠭᠠᠢ ᠶ᠋ᠢ ᠭᠡᠮᠳᠦᠭᠡᠬᠦ ᠨᠢ ᠲᠣᠮᠤᠭᠠᠨ ᠤ ᠪᠤᠵᠠᠷᠳᠤᠯ
ᠡᠷᠬᠡ ᠪᠡᠨ ᠠᠰᠢᠬᠯᠠᠵᠤ ᠢᠲᠡᠭᠡᠯ ᠢᠶ᠋ᠡᠨ ᠪᠠᠷᠠᠬᠤ ᠨᠢ ᠮᠠᠭᠤᠬᠠᠢ
ᠢᠲᠡᠭᠡᠯ ᠢᠶ᠋ᠡᠨ ᠠᠯᠳᠠᠵᠤ ᠡᠷᠬᠡ ᠪᠡᠨ ᠠᠪᠲᠠᠬᠤ ᠨᠢ ᠰᠢᠪᠰᠢᠭ
ᠰᠡᠦᠨᠬᠢᠯ ᠦᠨ ᠪᠠᠶᠠᠰᠤᠯ ᠡᠮᠭᠡᠭ ᠢ ᠠᠷᠢᠯᠭᠠᠨ᠎ᠠ
ᠰᠠᠨᠠᠭᠠᠨ ᠤ ᠭᠣᠨᠢᠬᠯᠠᠯ  ᠡᠮᠵᠡᠭ ᠰᠠᠭᠤᠯᠭᠠᠨ᠎ᠠ
ᠵᠢᠷᠭᠠᠯ ᠢ ᠮᠡᠳᠡᠬᠦ ᠦᠭᠡᠢ ᠪᠣᠯ ᠵᠥᠨᠥᠭ
ᠵᠣᠪᠠᠯᠠᠩ ᠢ ᠳᠠᠭᠠᠭᠠᠬᠤ ᠦᠭᠡᠢ ᠪᠣᠯ ᠮᠣᠨᠤᠭ
ᠰᠠᠨᠠᠬᠤ ᠡᠴᠠ ᠦᠷ᠎ᠡ ᠬᠡᠦᠬᠡᠳ ᠮᠢᠨᠢ ᠬᠠᠶᠢᠷᠠᠬᠠᠨ
ᠰᠠᠨᠠᠭᠠᠯᠵᠠᠬᠤ ᠡᠴᠠ ᠨᠤᠲᠤᠭ ᠤᠰᠤ ᠮᠠᠨᠢ ᠰᠠᠶᠢᠬᠠᠨ
ᠪᠣᠳᠤᠯᠭ᠎ᠠ ᠪᠠᠷ ᠢᠶᠡᠨ ᠠᠭᠤᠷᠯᠠᠬᠤ ᠨᠢ ᠪᠣᠯᠬᠢ ᠶ᠋ᠢᠨ ᠲᠡᠮᠳᠡᠭ
ᠪᠣᠰᠣᠤᠨ ᠢ ᠠᠭᠤᠴᠢᠯᠠᠬᠤ ᠨᠢ ᠪᠣᠯᠪᠠᠰᠤᠨ ᠤ ᠲᠤᠰᠬᠠᠯ
ᠥᠭᠡᠳᠡ ᠡᠰᠡᠷᠡᠭ ᠶᠠᠪᠤᠪᠠᠰᠤ ᠠᠮᠢᠳᠤᠷᠠᠯ ᠭᠢᠯᠠᠯᠵᠠᠮ᠎ᠠ
ᠠᠮᠤᠷ ᠲᠥᠪᠰᠢᠨ ᠪᠠᠶᠢᠪᠠᠰᠤ ᠵᠢᠷᠭᠠᠯ ᠪᠢᠯᠬᠠᠮ᠎ᠠ
ᠥᠪᠡᠷ ᠪᠡᠶ᠎ᠡ ᠶ᠋ᠢᠨ ᠡᠮᠵᠡᠭ ᠢᠶ᠋ᠡᠨ ᠥᠷᠦᠭᠡᠯ ᠳ᠋ᠦ ᠪᠣᠤ ᠲᠣᠬᠣᠶ᠎ᠠ
ᠥᠨᠦᠳᠦᠷ ᠦᠨ ᠠᠯᠳᠠᠭ᠎ᠠ ᠪᠠᠨ ᠮᠠᠷᠭᠠᠰᠢ ᠪᠢᠲᠡᠭᠡᠢ ᠭᠠᠷᠭᠠᠶ᠎ᠠ
ᠬᠡᠷᠡᠭ ᠲᠠᠲᠠᠬᠤ ᠦᠭᠡᠢ ᠪᠣᠯ ᠰᠠᠶᠢᠨ ᠠᠷᠠᠳ
ᠬᠡᠭᠡᠯᠢ ᠢᠲᠡᠬᠦ ᠦᠭᠡᠢ ᠪᠣᠯ ᠮᠡᠷᠭᠡᠨ ᠨᠣᠶᠠᠨ
ᠰᠢᠨᠤᠯ ᠵᠠᠨᠤᠯ ᠢ ᠲᠡᠪᠴᠢᠰᠦ
ᠰᠢᠪᠰᠢᠭ ᠰᠡᠵᠢᠭ ᠢ ᠬᠢᠴᠢᠶᠡᠰᠦ
ᠠᠪᠤᠬᠰᠠᠨ ᠢᠶᠡᠨ ᠪᠣᠤ ᠮᠠᠷᠲᠠ ᠪᠣᠴᠠᠭᠠᠵᠤ ᠥᠭ
ᠥᠭᠭᠦᠭᠰᠡᠨ ᠢᠶ᠋ᠡᠨ ᠪᠢᠲᠡᠭᠡᠢ ᠪᠣᠳᠣ ᠪᠤᠶᠠᠨ ᠪᠣᠯᠤᠭ
ᠡᠯᠵᠢᠭᠡ ᠯᠠᠭᠤᠰᠠ ᠶ᠋ᠢᠨ ᠠᠭᠠᠰᠢ ᠵᠦᠷᠢᠭᠦᠦ
ᠡᠷᠭᠢᠭᠦᠦ ᠬᠦᠮᠦᠨ ᠦ ᠰᠡᠦᠨᠬᠢᠴᠡ ᠰᠥᠷᠭᠡᠦ
ᠥᠭᠬᠦ ᠳᠣᠳᠤᠮ ᠠᠯᠵᠠᠭᠤ ᠪᠣᠯᠪᠠ
ᠣᠯᠬᠤ ᠳᠣᠰᠣᠮ ᠮᠥᠷᠦᠶᠢᠴᠡᠬᠦ ᠪᠣᠯᠪᠠ
ᠬᠦᠮᠦᠨ ᠦ ᠴᠢᠨᠠᠷ ᠨᠠᠭᠠᠳᠤᠮ ᠳᠡᠭᠡᠷ᠎ᠡ
ᠬᠥᠯᠥᠭ ᠦᠨ ᠴᠢᠳᠠᠯ ᠠᠴᠢᠶᠠᠨ ᠳᠡᠭᠡᠷ᠎ᠡ
ᠠᠪᠤᠬᠰᠠᠨ ᠢᠶᠡᠨ ᠥᠭᠬᠦ ᠳ᠋ᠦ ᠭᠣᠮᠤᠳᠠᠯ ᠲᠠᠢ
ᠥᠭᠭᠦᠭᠰᠡᠨ ᠢᠶ᠋ᠡᠨ ᠠᠪᠬᠤ ᠳ᠋ᠤ ᠭᠤᠶᠤᠳᠠᠯ ᠲᠠᠢ
ᠪᠡᠶ᠎ᠡ ᠪᠡᠨ ᠪᠠᠷᠢᠬᠤ ᠨᠢ ᠴᠢᠳᠠᠪᠤᠷᠢ
ᠪᠡᠶ᠎ᠡ ᠪᠡᠨ ᠮᠡᠳᠡᠬᠦ ᠨᠢ ᠤᠬᠠᠮᠰᠠᠷ
ᠢᠷᠡᠯᠳᠡ᠄ ᠨᠠᠶᠢᠷᠠᠭᠤᠯᠤᠭᠴᠢ᠄ ᠳᠤᠯᠠᠭᠠᠨ