︿ ︿ ᠲᠠᠤᠯᠠᠢ ᠶ᠋ᠢᠨ ᠪᠦᠭᠡᠷ᠎ᠡ ᠶ᠋ᠢᠨ ᠢᠣᠨᠬᠠᠯᠭ᠎ᠠ ﹀ ﹀ ᠶᠠᠭᠤ ᠶᠠᠷᠢᠪᠠ ︖

ᠣᠩᠰᠢᠭᠰᠠᠨ ᠤᠳᠠᠭ᠎ᠠ ᠄ 6331     ᠨᠡᠶᠢᠳᠡᠯᠡᠭᠰᠡᠨ ᠴᠠᠭ ᠄ 2018/11/9 15:30:57

      ᠬᠡᠳᠦᠨ ᠵᠢᠯ ᠦᠨ ᠡᠮᠦᠨ᠎ᠡ ᠂ ︿ ︿ ᠥᠪᠥᠷ ᠮᠤᠩᠭᠤᠯ ᠤᠨ ᠡᠳᠥᠷ ᠦᠨ ᠰᠣᠨᠢᠨ ﹀ ﹀  ᠦ ︿ ︿ ᠵᠣᠬᠢᠶᠠᠯ ᠱᠦᠭᠦᠮᠡᠭ ﹀ ﹀ ᠲᠣᠰᠬᠠᠢ ᠨᠢᠭᠤᠷ ᠲᠤ ︿ ︿ ᠲᠠᠤᠯᠠᠢ ᠶ᠋ᠢᠨ ᠪᠦᠭᠡᠷ᠎ᠡ ᠶ᠋ᠢᠨ ᠢᠣᠨᠬᠠᠯᠭ᠎ᠠ ﹀ ﹀ ᠭᠡᠰᠡᠨ ᠨᠢᠭᠡᠨ ᠰᠣᠨᠢᠷᠬᠠᠯᠲᠠᠢ ᠵᠣᠬᠢᠶᠠᠯ ᠨᠡᠶᠢᠲᠡᠯᠡᠭᠳᠡᠵᠡᠢ ᠃ ᠤᠩᠰᠢᠪᠠᠰᠤ ᠬᠦᠮᠦᠵᠢᠯ ᠬᠦᠷᠲᠡᠭᠡᠯ ᠶᠡᠬᠡᠲᠡᠢ ᠪᠦᠯᠦᠭᠡ ᠃
      ᠡᠨᠳᠡ ᠂ ᠵᠣᠬᠢᠶᠠᠯ ᠳᠣᠳᠤᠷᠠᠬᠢ ᠦᠯᠢᠭᠡᠷ ᠢ ᠳᠠᠬᠢᠨᠲᠠ ᠰᠡᠶᠢᠷᠡᠭᠦᠯᠪᠡᠰᠦ ᠡᠶᠢᠮᠦ ᠪᠠᠶᠢᠭ᠎ᠠ ᠃ ᠯᠢᠶᠣᠤ ᠤᠯᠤᠰ ᠤᠨ ᠬᠠᠭᠠᠨ ᠪᠣᠭᠣᠯ ᠡᠴᠠ ᠪᠠᠨ ᠠᠰᠠᠭᠤᠵᠠᠢ ᠄ ︿ ︿ ᠭᠠᠳᠠᠭᠤᠷ  ᠶᠠᠮᠪᠠᠷ ᠰᠣᠨᠢᠨ ᠴᠢᠮᠡᠭᠡ ᠪᠠᠶᠢᠨ᠎ᠠ ︖ ﹀ ﹀ ᠭᠡᠬᠦ ᠳ᠋ᠦ ᠂ ᠪᠣᠭᠣᠯ ᠠᠨᠤ ᠄ ︿ ︿ ᠪᠢ ᠶᠠᠮᠠᠷ ᠴᠤ ᠰᠤᠷᠠᠭ ᠰᠣᠨᠤᠰᠣᠭ᠎ᠠ ᠦᠭᠡᠢ ᠂ ᠬᠠᠷᠢᠨ ᠬᠠᠭᠤᠴᠢᠨ ᠬᠦᠷᠢᠶᠡᠯᠡᠩ ᠡᠴᠡ ᠲᠠᠤᠯᠠᠢ ᠶ᠋ᠢᠨ ᠪᠦᠭᠡᠷ᠎ᠡ ᠬᠤᠳᠠᠯᠳᠤᠨ ᠠᠪᠴᠤ ᠪᠠᠶᠢᠭᠠᠳ ᠲᠠᠤᠯᠠᠢ ᠶ᠋ᠢᠨ ᠪᠦᠭᠡᠷ᠎ᠡ ᠬᠠᠭᠤᠷᠬᠤ ᠠᠨᠢᠰᠤ ᠶ᠋ᠢ ᠣᠯᠵᠤ ᠮᠡᠳᠡᠯ᠎ᠡ ᠃ ᠲᠠᠤᠯᠠᠢ ᠶ᠋ᠢᠨ ᠪᠦᠭᠡᠷ᠎ᠡ ᠬᠠᠭᠤᠷᠬᠤ ᠳ᠋ᠤ ᠬᠢᠴᠢᠶᠡᠬᠦ ᠦᠭᠡᠢ ᠪᠣᠯ ᠵᠢᠵᠢᠭ ᠢ ᠨᠢ ᠪᠣᠯᠭᠤᠭᠠᠨ᠎ᠠ ᠭᠡᠪᠡᠯ ᠶᠡᠬᠡ ᠨᠢ ᠲᠥᠭᠦᠬᠡᠢ ᠪᠣᠯᠴᠢᠬᠠᠨ᠎ᠠ ᠂ ᠶᠡᠬᠡ ᠶ᠋ᠢ ᠨᠢ ᠪᠣᠯᠭᠤᠭᠠᠨ᠎ᠠ ᠭᠡᠪᠡᠯ ᠵᠢᠵᠢᠭ ᠨᠢ ᠬᠡᠦᠷᠰᠢᠴᠢᠬᠡᠳᠡᠭ ᠃ ᠡᠶᠢᠮᠦ ᠳ᠋ᠦ ᠶᠡᠬᠡ ᠪᠠᠭ᠎ᠠ ᠭᠡᠰᠡᠨ ᠦᠭᠡᠢ ᠲᠡᠩᠴᠡᠭᠦᠷᠢᠲᠡᠢ ᠰᠠᠶᠢᠬᠠᠨ ᠬᠠᠭᠤᠷᠴᠤ ᠪᠣᠯᠭᠤᠭᠠᠵᠤ ᠪᠠᠶᠢᠬᠤ ᠨᠢ ᠬᠠᠮᠤᠭ ᠰᠠᠶᠢᠨ ﹀ ﹀ ᠭᠡᠵᠦ ᠶᠠᠷᠢᠪᠠ ᠃
      ᠬᠠᠭᠠᠨ ᠨᠢ  ᠰᠣᠨᠤᠰᠣᠭᠠᠣᠨ ᠶᠡᠬᠡᠳᠡ ᠪᠠᠶᠠᠷᠯᠠᠵᠤ ᠬᠠᠳᠠᠭᠠᠨᠠᠲᠠᠯ᠎ᠠ ᠢᠨᠢᠶᠡᠭᠰᠡᠨ ᠭᠡᠨ᠎ᠡ ᠃ ᠡᠶᠢᠨᠬᠦ ᠂ ᠬᠣᠵᠢᠮ ᠤᠨ ᠬᠦᠮᠦᠰ ᠡᠨᠡ ᠬᠦ ᠪᠣᠭᠣᠯ ᠤᠨ ᠦᠯᠢᠭᠡᠷᠯᠡᠯ ᠶᠠᠷᠢᠶ᠎ᠠ ᠶ᠋ᠢ ︿ ︿ ᠲᠠᠤᠯᠠᠢ ᠶ᠋ᠢᠨ ᠪᠦᠭᠡᠷ᠎ᠡ ᠶ᠋ᠢᠨ ᠢᠣᠨᠬᠠᠯᠭ᠎ᠠ ﹀ ﹀ ᠭᠡᠳᠡᠭ ᠭᠡᠨ᠎ᠡ ᠃ ᠬᠠᠭᠠᠨ ᠰᠣᠨᠤᠰᠣᠭᠠᠣᠨ ᠬᠠᠳᠠᠭᠠᠨᠠᠲᠠᠯ᠎ᠠ ᠢᠨᠢᠶᠡᠨ ᠪᠠᠶᠠᠷᠯᠠᠬᠰᠠᠨ ᠢᠶᠠᠷ ᠦᠵᠡᠪᠡᠯ ᠡᠨᠡ ᠬᠠᠭᠠᠨ ︿ ︿ ᠲᠠᠤᠯᠠᠢ ᠶ᠋ᠢᠨ ᠪᠦᠭᠡᠷ᠎ᠡ ᠶ᠋ᠢᠨ ᠢᠣᠨᠬᠠᠯᠭ᠎ᠠ ﹀ ﹀ ᠶ᠋ᠢ ᠵᠥᠪ ᠢᠶ᠋ᠡᠷ ᠲᠠᠨᠢᠵᠤ ᠵᠦᠢᠲᠡᠢ ᠤᠶᠢᠯᠠᠭᠠᠬᠰᠠᠨ ᠪᠠᠶᠢᠵᠤ ᠲᠠᠭᠠᠷᠠᠨ᠎ᠠ ᠃
      ᠡᠨᠡ ᠪᠣᠭᠣᠯ ᠲᠠᠤᠯᠠᠢ ᠶ᠋ᠢᠨ ᠪᠦᠭᠡᠷ᠎ᠡ ᠬᠠᠭᠤᠷᠬᠤ ᠪᠠᠷ ᠦᠯᠢᠭᠡᠷᠯᠡᠨ ᠶᠠᠷᠢᠵᠤ ᠂ ᠤᠯᠤᠰ ᠭᠡᠷ ᠢ ᠬᠡᠷᠬᠢᠨ ᠵᠠᠰᠠᠬᠤ ᠵᠢᠮ᠎ᠡ ᠶᠣᠰᠣᠨ ᠢ ᠮᠡᠳᠡᠭᠦᠯᠵᠦ ᠂ ᠲᠥᠷᠥ ᠪᠠᠷᠢᠬᠴᠢ ᠲᠦᠮᠡᠨ ᠢ ᠳᠠᠭᠠᠭᠤᠯᠤᠬᠴᠢ ᠡᠷᠬᠡᠪᠰᠢ ᠲᠥᠪ ᠭᠣᠤᠯᠴᠢ ᠪᠠᠶᠢᠵᠤ ᠂ ᠬᠦᠮᠦᠨ ᠪᠦᠬᠦᠨ ᠳ᠋ᠦ ᠡᠷᠬᠡ ᠲᠡᠭᠰᠢ ᠬᠠᠨᠳᠤᠬᠤ ᠶᠣᠰᠤᠲᠠᠢ ᠭᠡᠰᠡᠨ ᠢ ᠢᠯᠡᠦᠨᠬᠡᠭᠰᠡᠨ ᠪᠠᠶᠢᠳᠠᠭ ᠃ ᠳᠠᠷᠤᠢ ᠡᠷᠬᠢᠮ ᠨᠣᠶᠠᠨ ᠡᠭᠡᠯ ᠠᠷᠠᠳ ᠲᠤ ᠠᠳᠠᠯᠢᠬᠠᠨ ᠂ ᠡᠳ᠋ ᠲᠠᠢ ᠪᠠᠶᠠᠨ ᠥᠪ ᠦᠭᠡᠢ ᠶᠠᠳᠠᠭᠤ ᠳ᠋ᠤ ᠠᠳᠠᠯᠢᠬᠠᠨ ᠬᠠᠨᠳᠤᠵᠤ ᠬᠠᠮᠳᠤ ᠳ᠋ᠦ᠋ᠨᠢ ᠰᠠᠶᠢᠳᠤᠷ ᠬᠠᠷᠠᠭᠠᠯᠵᠠᠨ ᠬᠠᠮᠢᠶᠠᠷᠬᠤ ᠡᠷᠬᠢᠮ ᠳᠡᠭᠡᠳᠦ ᠭᠦᠨ ᠶᠣᠰᠣᠨ ᠢ ᠮᠡᠳᠡᠭᠦᠯᠦᠭᠰᠡᠨ ᠪᠠᠶᠢᠭ᠎ᠠ ᠶᠤᠮ ᠃
      ᠡᠷᠬᠡ ᠵᠡᠷᠭᠡ ᠲᠠᠢ ᠡᠷᠬᠢᠮ ᠨᠤᠶᠠᠤᠨ ᠮᠠᠨᠢ  ᠂ ᠠᠩᠬᠠᠷᠤᠯ ᠳ᠋ᠠᠭᠠᠨ ᠠᠪᠴᠤ ᠠᠶᠣᠤᠯᠢᠬᠠᠢ ᠳ᠋ᠠᠭᠠᠨ ᠲᠤᠩᠭᠠᠵᠤ ᠠᠵᠢᠯ ᠤᠨ ᠳᠣᠮᠳᠠ ᠪᠠᠨ ᠵᠢᠷᠤᠮᠯᠠᠵᠤ ᠶᠠᠪᠤᠬᠤ ᠪᠣᠯᠪᠠᠤ ᠭᠡᠵᠦ ︿ ︿ ᠲᠠᠤᠯᠠᠢ ᠶ᠋ᠢᠨ ᠪᠦᠭᠡᠷ᠎ᠡ ᠶ᠋ᠢᠨ ᠢᠣᠨᠬᠠᠯᠭ᠎ᠠ ﹀ ﹀ ᠶ᠋ᠢ ᠠᠯᠵᠢᠶᠠᠯ ᠦᠭᠡᠢ ᠰᠡᠶᠢᠷᠡᠭᠦᠯᠦᠭᠰᠡᠨ ᠢᠨᠦ ᠡᠨᠡ ᠪᠦᠯᠦᠭᠡ ᠃

                                    ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄