ᠮᠤᠩᠭᠤᠯ ᠪᠦᠬᠡ

ᠣᠩᠰᠢᠭᠰᠠᠨ ᠤᠳᠠᠭ᠎ᠠ ᠄ 32126     ᠨᠡᠶᠢᠳᠡᠯᠡᠭᠰᠡᠨ ᠴᠠᠭ ᠄ 2018/11/9 15:19:08

ᠮᠤᠩᠭᠤᠯ ᠪᠦᠬᠡ
       ᠯᠢ ᠪᠤᠶᠠᠨᠴᠤᠬᠯᠠ
ᠰᠢᠷᠣᠢ ᠶ᠋ᠢᠨ ᠳᠡᠭᠡᠷ᠎ᠡ ᠤᠨᠠᠬᠤ ᠡᠴᠠ ᠪᠢᠰᠢ
ᠱᠤᠷᠤᠨ ᠳᠡᠭᠡᠷ᠎ᠡ ᠤᠨᠠᠨ᠎ᠠ ‍ᠦᠦ ᠭᠡᠵᠤ
ᠰᠢᠷᠤᠩᠬᠠᠶᠢᠯᠠᠨ ᠪᠠᠷᠢᠯᠳᠤᠳᠠᠭ ᠮᠤᠩᠭᠤᠯ ᠪᠦᠬᠡ
ᠰᠦᠯᠲᠡ ᠪᠡᠨ ᠪᠤᠰᠬᠠᠨ ᠬᠡᠶᠢᠮᠤᠷᠢ ᠪᠠᠨ ᠮᠠᠨᠳᠤᠭᠤᠯᠤᠬᠰᠠᠨ
ᠰᠦᠷ ᠶᠡᠬᠡ ᠨᠠᠶᠢᠷ ᠨᠠᠭᠠᠳᠤᠮ ᠳ᠋ᠤ
ᠰᠦᠰᠦᠭᠯᠡᠨ ᠪᠠᠷᠢᠯᠳᠤᠳᠠᠭ ᠮᠤᠩᠭᠤᠯ ᠪᠦᠬᠡ
ᠠᠷᠰᠯᠠᠨ ᠵᠠᠭᠠᠨ ᠤ ᠴᠣᠯᠠ ᠲᠠᠢ
ᠠᠪᠤᠷᠭᠤ ᠰᠢᠯᠭᠠᠷᠠᠭᠤᠯᠬᠤ ᠤᠷᠤᠯᠳᠤᠭᠠᠨ ᠲᠠᠢ
ᠠᠷᠠᠳ ᠤᠨ ᠣᠯᠠᠨ ᠨᠠᠶᠢᠷ ᠨᠠᠭᠠᠳᠤᠮ ᠳ᠋ᠤ
ᠠᠰᠢᠳᠠ ᠮᠠᠬᠰᠢᠳᠠᠭ ᠮᠤᠩᠭᠤᠯ ᠪᠦᠬᠡᠴᠢᠦᠨ
ᠮᠤᠩᠭᠤᠯ ᠪᠦᠬᠡ ᠶ᠋ᠢᠨ ᠲᠡᠦᠬᠡ
ᠮᠠᠯᠴᠢᠨ ᠲᠦᠮᠡᠨ ᠦ ᠥᠪ
ᠮᠤᠩᠭᠤᠯ ᠬᠠᠭᠠᠨᠳᠤ ᠲᠥᠷᠥ ᠡᠴᠡ
ᠮᠠᠨᠳᠤᠨ ᠬᠥᠭᠵᠢᠭᠰᠡᠨ ᠰᠣᠶᠣᠯ
ᠮᠠᠬᠰᠢᠨ ᠮᠠᠬᠰᠢᠨ ᠳᠡᠪᠢᠭᠰᠡᠭᠡᠷ
ᠮᠠᠨ ᠤ ᠡᠷᠡᠨ ᠳ᠋ᠦ ᠬᠦᠷᠴᠦ ᠢᠷᠡᠭᠰᠡᠨ
ᠮᠠᠨᠳᠤᠨ ᠮᠠᠨᠳᠤᠨ ᠬᠥᠭᠵᠢᠭᠰᠡᠭᠡᠷ
ᠮᠤᠩᠭᠤᠯᠴᠣᠤᠨ ᠤᠨ ᠣᠮᠣᠬᠰᠢᠯ ᠪᠣᠯᠤᠬᠰᠠᠨ
ᠪᠦᠷᠭᠦᠳ ᠲᠡᠰ ᠦᠨ ᠲᠡᠪᠢᠯᠳᠡ ᠲᠠᠢ
ᠪᠦᠬᠡ ᠪᠡᠯᠭᠦᠲᠡᠢ ᠡᠴᠡ ᠠᠯᠳᠠᠷ ᠲᠠᠢ
ᠪᠦᠭᠦᠳᠡ ᠣᠯᠠᠨ ᠤ ᠰᠣᠨᠢᠷᠬᠠᠯ ᠲᠠᠢ
ᠪᠢᠳᠡᠨ ᠦ ᠮᠤᠩᠭᠤᠯ ᠪᠦᠬᠡ ᠮᠠᠨᠳᠤᠳᠤᠭᠠᠢ ︕
ᠢᠷᠡᠯᠳᠡ᠄ ᠨᠠᠶᠢᠷᠠᠭᠤᠯᠤᠭᠴᠢ᠄ ᠳᠤᠯᠠᠭᠠᠨ