ᠢᠲᠡᠬᠡᠯ ᠤᠨ ᠲᠤᠬᠠᠢ ᠤᠴᠢᠷᠯᠠᠬᠤᠢ

ᠣᠩᠰᠢᠭᠰᠠᠨ ᠤᠳᠠᠭ᠎ᠠ ᠄ 5363     ᠨᠡᠶᠢᠳᠡᠯᠡᠭᠰᠡᠨ ᠴᠠᠭ ᠄ 2018/11/8 9:57:08

      ᠬᠦᠮᠦᠨ ᠦ ᠠᠮᠢᠳᠤᠷᠠᠯ ᠤᠨ ᠠᠶᠠᠨ ᠳ᠋ᠥ ᠢᠲᠡᠬᠡᠯ ᠭᠡᠭᠴᠢ ᠲᠤᠳᠠᠬᠳᠠᠵᠤ ᠥᠯᠥ ᠪᠣᠯᠤᠨᠠᠮ ᠃ ᠢᠲᠡᠬᠡᠯ ᠢᠶ᠋ᠡᠷ ᠢᠲᠡᠬᠡᠯ ᠢ ᠣᠯᠳᠠᠭ ᠤᠴᠢᠷ ᠵᠢᠮ᠎ᠡ ᠲᠠᠢ ᠃ ᠢᠲᠡᠬᠡᠯ ᠪᠣᠯ ᠬᠠᠶᠢᠷ᠎ᠠ ᠰᠡᠦᠨᠬᠢᠯᠭᠡ ᠶ᠋ᠢᠨ ᠡᠬᠢ ᠰᠣᠷᠪᠤᠯᠵᠢ ᠪᠠᠶᠢᠵᠦ ᠲᠠᠭᠠᠷᠠᠨ᠎ᠠ ᠃ ᠳᠠᠷᠤᠢ ᠢᠲᠡᠬᠡᠯ ᠪᠣᠯ ᠨᠢᠭᠡ ᠵᠦᠢᠯ ᠦᠨ ᠬᠠᠶᠢᠷ᠎ᠠ ᠰᠡᠦᠨᠬᠢᠯᠭᠡ ᠮᠦᠨ ᠃ ᠬᠦᠮᠦᠨ ᠬᠦᠮᠦᠨ ᠦ ᠬᠣᠭᠤᠷᠤᠨᠳᠤᠬᠢ ᠬᠠᠲᠠᠭᠤ ᠴᠢᠩᠭ᠎ᠠ ᠡᠷᠴᠢᠮ ᠰᠠᠶᠢᠲᠠᠢ ᠬᠣᠯᠪᠤᠭᠠᠰᠤ ᠪᠣᠯ ᠳᠠᠷᠤᠢ ᠢᠲᠡᠬᠡᠯ ᠮᠦᠨ ᠃ ᠢᠲᠡᠬᠡᠯ ᠪᠣᠯ ᠨᠥᠬᠦᠷᠰᠡᠭ ᠬᠠᠷᠢᠴᠠᠭ᠎ᠠ ᠶ᠋ᠢᠨ ᠰᠠᠭᠤᠷᠢ ᠮᠦᠨ ᠂  ᠪᠠᠳᠤᠯᠠᠭ᠎ᠠ ᠮᠦᠨ ᠃
      ᠥᠭᠭᠦᠭᠡ ᠠᠪᠤᠭ᠎ᠠ ᠳᠡᠭᠡᠷ᠎ᠡ ᠰᠠᠭᠤᠷᠢᠯᠠᠬᠰᠠᠨ ᠨᠦᠬᠦᠷᠯᠡᠯ ᠤᠳᠠᠭᠠᠨ ᠳᠣᠬᠲᠠᠬᠤ ᠦᠭᠡᠢ ᠃ ︿ ︿ ᠥᠪᠡᠷ ᠦᠨ ᠤᠶᠢᠯᠡ ᠶ᠋ᠢ ᠪᠦᠳᠦᠭᠡᠬᠦ ᠲᠡᠳᠦᠢ ᠨᠥᠬᠦᠷᠯᠡᠬᠦ ᠠᠮᠢᠨᠴᠢ ᠬᠦᠮᠦᠨ ᠲᠠᠢ ᠥᠨᠢ ᠰᠠᠶᠢᠳᠤᠷ ᠬᠠᠨᠢᠯᠠᠨ ᠶᠠᠪᠤᠬᠤ ᠳ᠋ᠥ ᠶᠡᠷᠦ ᠪᠡᠷᠬᠡ ﹀ ﹀ ᠭᠡᠵᠦ ᠪᠢᠳᠡᠨ ᠦ ᠡᠪᠦᠭᠡ ᠳᠡᠭᠡᠳᠦᠰ ᠠᠩᠬᠠᠷᠤᠭᠤᠯᠵᠤ ᠬᠡᠯᠡᠭᠰᠡᠨ ᠢ ᠥᠨᠦ ᠴᠠᠭ ᠦᠶ᠎ᠡ ᠳ᠋ᠥ ᠪᠦᠷ ᠴᠤ ᠢᠯᠡᠭᠦᠦ ᠰᠠᠨᠠᠵᠤ ᠶᠠᠪᠤᠬᠤ ᠴᠢᠬᠤᠯᠠ  ᠲᠠᠢ ᠃ ᠬᠡᠯᠡᠭᠰᠡᠨ ᠦᠭᠡ ᠶ᠋ᠢ ᠴᠢᠨᠢ ᠬᠠᠳᠠᠭᠠᠯᠠᠨ ᠶᠠᠪᠤᠬᠤ ᠂ ᠬᠢᠬᠦ ᠤᠶᠢᠯᠡ ᠶ᠋ᠢ ᠴᠢᠨᠢ ᠲᠡᠮᠵᠢᠭᠡᠦᠨ ᠥᠭᠬᠦ ᠂ ᠬᠡᠵᠢᠶ᠎ᠡ ᠴᠤ ᠬᠠᠮᠢᠭ᠎ᠠ ᠴᠤ ᠨᠠᠶᠢᠳᠠᠵᠦ ᠪᠣᠯᠬᠤ ᠢᠲᠡᠭᠡᠯᠳᠦ ᠬᠦᠮᠦᠨ ᠲᠠᠢ ᠨᠥᠬᠦᠷᠯᠡ ᠃ ︿ ︿ ᠢᠲᠡᠬᠡᠯ ᠦᠭᠡᠢ ᠨᠥᠬᠥᠷ ᠡᠴᠡ ᠢᠯᠡᠷᠬᠡᠢ ᠳᠠᠶᠢᠰᠤᠨ ᠳᠡᠭᠡᠷ᠎ᠡ ﹀ ﹀ ᠭᠡᠵᠦ ᠲᠣᠮᠤᠭᠠᠲᠠᠤᠨ ᠶᠠᠷᠢᠳᠠᠭ ᠨᠢ ᠳᠡᠮᠡᠢ ᠬᠣᠭᠤᠰᠤᠨ ᠦᠭᠡ ᠪᠢᠰᠢ ᠃ ᠢᠲᠡᠭᠡᠭᠰᠡᠨ ᠨᠥᠬᠥᠷ ᠢᠨᠢᠶᠡᠭᠰᠡᠨ ᠳᠠᠶᠢᠰᠤᠨ ᠪᠣᠯᠬᠤ ᠨᠢ ᠪᠦᠷ ᠴᠤ ᠠᠶᠤᠯᠲᠠᠢ ᠃ ᠡᠳᠦᠷ ᠪᠦᠷᠢ ᠠᠳᠠᠯᠢ ᠦᠭᠡᠢ ᠂ ᠨᠥᠬᠥᠷ ᠪᠦᠷᠢ ᠲᠡᠭᠰᠢ ᠦᠭᠡᠢ ᠪᠣᠯᠬᠣᠷ ᠢᠲᠡᠬᠡᠯ ᠦᠭᠡᠢ ᠨᠥᠬᠥᠷ ᠲᠠᠢ ᠦᠭᠡ ᠪᠣᠤ ᠵᠦᠪᠯᠡ ᠂ ᠢᠲᠡᠭᠡᠯᠳᠦ ᠨᠥᠬᠥᠷ ᠡᠴᠡ ᠦᠭᠡ ᠪᠠᠨ ᠪᠣᠤ ᠨᠢᠭᠤ ᠃ ︿ ︿ ᠬᠦᠮᠦᠨ ᠢ ᠲᠠᠨ ᠳ᠋ᠥ ᠮᠠᠭᠤᠯᠠᠬᠰᠠᠨ ᠬᠦᠮᠦᠨ ᠲᠠᠨ ᠢ ᠬᠦᠮᠦᠨ ᠳ᠋ᠥ ᠮᠠᠭᠤᠯᠠᠨ᠎ᠠ ﹀ ﹀ ᠭᠡᠳᠡᠭ ᠢ ᠶᠠᠮᠠᠷ ᠴᠤ ᠡᠷᠡᠭᠡᠯᠵᠡᠭᠡ  ᠦᠭᠡᠢ ᠪᠣᠳᠤᠵᠤ ᠶᠠᠪᠤ᠋ ᠃ ᠨᠥᠬᠥᠷ ᠶᠣᠰᠣᠨ ᠤ ᠬᠠᠷᠢᠴᠠᠭᠠᠨ ᠳ᠋ᠥ ᠵᠢᠮᠡᠯᠡᠬᠦ ᠦᠭᠡᠨ ᠦ ᠢᠯᠡ ᠨᠢ ᠳᠡᠭᠡᠷ᠎ᠡ ᠂ ᠮᠠᠬᠲᠠᠬᠤ ᠦᠭᠡᠨ ᠦ ᠳᠠᠯᠳᠠ ᠨᠢ ᠳᠡᠭᠡᠷ᠎ᠡ ᠪᠠᠶᠢᠳᠠᠭ ᠢ ᠪᠠᠰᠠ ᠰᠠᠨᠠᠵᠤ ᠶᠠᠪᠤᠬᠤ ᠳ᠋ᠥ ᠢᠯᠡᠭᠦᠳᠡᠬᠦ ᠦᠭᠡᠢ ᠃ ᠬᠠᠮᠤᠭ ᠤᠨ ᠭᠣᠤᠯ ᠨᠢ ᠦᠭᠡ ᠬᠡᠯᠡ ᠪᠠᠷ ᠪᠢᠰᠢ ᠦᠨᠡᠨ ᠰᠡᠦᠨᠬᠢᠯ ᠢᠶ᠋ᠡᠷ ᠨᠥᠬᠦᠷᠯᠡ ᠃
      ᠬᠦᠮᠦᠨ ᠢ ᠢᠲᠡᠭᠡᠬᠦ ᠳ᠋ᠥ ᠴᠠᠭ ᠬᠡᠷᠡᠭᠰᠡᠳᠡᠭ ᠃ ᠡᠨᠡ ᠬᠦ ᠴᠠᠭ ᠨᠢ ᠳᠠᠷᠤᠢ ᠤᠶᠢᠯᠠᠭᠠᠨ ᠲᠠᠨᠢᠬᠤ ᠶᠠᠪᠤᠴᠠ ᠪᠣᠯᠤᠨ᠎ᠠ ᠃ ᠬᠠᠭᠤᠴᠢᠨ ᠲᠠᠨᠢᠯ ᠰᠠᠶᠢᠨ ᠨᠠᠶᠢᠵᠠ ᠬᠡᠮᠡᠨ ᠬᠡᠳᠦᠨ ᠦᠭᠡᠨ ᠦ ᠬᠢᠨ ᠬᠠᠯᠠᠭᠤᠨ ᠵᠦᠭᠡᠯᠡᠨ ᠳ᠋ᠦ᠋ᠨᠢ ᠢᠲᠡᠭᠡᠪᠡᠯ ᠬᠤᠶᠢᠬᠤᠷ ᠬᠦᠮᠦᠨ ᠦ ᠬᠤᠯᠵᠢᠨ ᠤᠬᠠᠭᠠᠨ ᠳ᠋ᠦ᠋ᠨᠢ ᠮᠡᠬᠡᠯᠡᠭᠳᠡᠵᠦ ᠮᠡᠳᠡᠨ᠎ᠡ ᠃    ︿ ︿ ᠢᠲᠡᠭᠡᠭᠰᠡᠨ ᠨᠢ ᠳᠠᠶᠢᠰᠤᠨ ﹀ ﹀ ᠭᠡᠰᠡᠨ ᠢ ᠦᠬᠦᠮᠡᠯ ᠢᠶ᠋ᠡᠷ ᠪᠠᠷᠢᠮᠲᠠᠯᠠᠪᠠᠯ ᠰᠠᠶᠢᠨ ᠨᠠᠶᠢᠵᠠ ᠶ᠋ᠢᠨ ᠢᠲᠡᠬᠡᠯ ᠢ ᠠᠯᠳᠠᠵᠤ ᠮᠡᠳᠡᠨ᠎ᠡ ᠃ ︿ ︿ ᠢᠲᠡᠭᠡᠭᠰᠡᠨ ᠨᠢ ᠳᠠᠶᠢᠰᠤᠨ ﹀ ﹀ ᠭᠡᠰᠡᠨ ᠪᠣᠯ ᠰᠡᠷᠡᠮᠵᠢ ᠶ᠋ᠢᠨ ᠴᠢᠨᠠᠷᠲᠠᠢ ᠰᠤᠷᠭᠠᠯ ᠦᠭᠡ ᠪᠠᠶᠢᠭ᠎ᠠ ᠶᠤᠮ ᠃ ᠬᠠᠷᠢᠨ ᠶᠠᠭᠤ ᠪᠦᠬᠦᠨ ᠢ ᠢᠲᠡᠭᠡᠵᠦ ᠪᠣᠯᠬᠤ ᠦᠭᠡᠢ ᠭᠡᠰᠡᠨ ᠦᠭᠡ ᠣᠬᠳᠤ ᠪᠢᠰᠢ ᠶᠤᠮ ᠃ ᠶᠠᠭᠤ ᠪᠦᠬᠦᠨ ᠢ ᠰᠡᠵᠢᠭᠯᠡᠬᠦ ᠨᠢ ᠢᠲᠡᠬᠡᠯ ᠢᠶ᠋ᠡᠨ ᠠᠯᠳᠠᠬᠤ ᠠᠶᠤᠯ ᠲᠠᠢ ᠃ ᠬᠡᠷᠪᠡ ᠂ ᠲᠠᠨ ᠳ᠋ᠥ ᠢᠲᠡᠭᠡᠭᠳᠡᠵᠦ ᠪᠣᠯᠬᠤ ᠬᠦᠮᠦᠨ ᠢᠶ᠋ᠡᠨ ᠢᠳᠡᠭᠡᠬᠦ ᠦᠭᠡᠢ ᠪᠣᠯ ᠴᠢᠮ᠎ᠠ ᠳ᠋ᠥ ᠰᠠᠶᠢᠨ ᠰᠠᠶᠢᠬᠠᠨ ᠤᠴᠠᠷᠠᠯ ᠬᠣᠮᠰᠠᠳᠠᠵᠤ ᠭᠤᠨᠢᠭ ᠵᠣᠪᠠᠨᠢᠯ ᠨᠡᠮᠡᠭᠳᠡᠵᠦ ᠮᠡᠳᠡᠨ᠎ᠡ ᠃ ᠡᠭᠦᠨ ᠡᠴᠡ ᠪᠣᠯᠵᠦ ᠴᠢᠨᠦ ᠠᠵᠢᠯ ᠠᠮᠢᠳᠤᠷᠠᠯ ᠳ᠋ᠥ ᠭᠡᠷᠡᠯ ᠭᠢᠯᠪᠠᠭ᠎ᠠ ᠲᠤᠲᠠᠬᠳᠠᠵᠤ ᠢᠷᠡᠨ᠎ᠡ ᠃
      ᠡᠶᠢᠨᠬᠦ ᠂ ᠪᠤᠰᠣᠤᠨ ᠬᠦᠮᠦᠨ ᠲᠠᠨ ᠳ᠋ᠥ ᠢᠳᠡᠭᠡᠭᠳᠡᠬᠦ ᠦᠨ᠎ᠡ ᠥᠷᠳᠡᠭ ᠲᠠᠢ ᠭᠡᠳᠡᠭ ᠢ ᠤᠶᠢᠯᠠᠭᠠᠨ ᠮᠡᠳᠡᠭᠰᠡᠨ ᠦ ᠳᠠᠷᠠᠭ᠎ᠠ ᠴᠢ ᠲᠡᠷᠡ ᠬᠦᠮᠦᠨ ᠢ ᠢᠳᠡᠭᠡᠬᠦ ᠬᠡᠷᠡᠭᠲᠡᠢ ᠃ ᠪᠤᠰᠣᠤᠨ ᠬᠦᠮᠦᠨ ᠴᠢᠨᠦ ᠢᠲᠡᠬᠡᠯ ᠢ ᠣᠯᠬᠤ ᠦᠨ᠎ᠡ ᠥᠷᠳᠡᠭ ᠲᠠᠢ ᠭᠡᠳᠡᠭ ᠢ ᠬᠡᠷᠡᠴᠢᠯᠡᠭᠰᠡᠨ ᠦ ᠳᠠᠷᠠᠭ᠎ᠠ ᠴᠢ ᠲᠡᠷᠡ ᠬᠦᠮᠦᠨ ᠦ ᠢᠲᠡᠬᠡᠯ  ᠢ ᠣᠯᠬᠤ ᠪᠦᠷᠢᠨ ᠡᠷᠬᠡ ᠲᠠᠢ ᠪᠠᠶᠢᠭ᠎ᠠ ᠶᠤᠮ ᠃

                          ᠯᠢ ᠪᠤᠶᠠᠨᠴᠤᠭᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ