ᠡᠬᠡ ᠶ᠋ᠢᠨ ᠰᠠᠨᠠᠭ᠎ᠠ ᠦᠷ᠎ᠡ ᠳ᠋ᠦ ᠦᠷ᠎ᠡ ᠶ᠋ᠢᠨ ᠰᠠᠨᠠᠭ᠎ᠠ ᠠᠭᠤᠯᠠᠨ ᠳ᠋ᠤ

ᠣᠩᠰᠢᠭᠰᠠᠨ ᠤᠳᠠᠭ᠎ᠠ ᠄ 6092     ᠨᠡᠶᠢᠳᠡᠯᠡᠭᠰᠡᠨ ᠴᠠᠭ ᠄ 2018/11/7 14:52:53

      ᠠᠯᠢ ᠡᠷᠲᠡᠨ ᠡᠴᠡ ᠮᠠᠨ ᠤ ᠮᠤᠩᠭᠤᠯ ᠬᠦᠮᠦᠨ ᠨᠠᠰᠤᠲᠠᠨ ᠪᠤᠭᠤᠷᠤᠯ ᠢᠶᠡᠨ ᠬᠦᠨᠳᠦᠦᠨᠬᠡᠨ ᠠᠰᠠᠷᠠᠵᠤ ᠨᠢᠯᠬᠠᠰ ᠬᠡᠦᠬᠡᠳ ᠢᠶ᠋ᠡᠨ ᠬᠠᠷᠠᠭᠠᠯᠵᠠᠨ ᠬᠠᠶᠢᠷᠠᠯᠠᠬᠤ ᠡᠷᠬᠢᠮ ᠨᠠᠨᠲᠢᠨ ᠠᠷᠢᠭᠤᠨ ᠰᠠᠶᠢᠬᠠᠨ ᠵᠠᠩ ᠰᠤᠷᠲᠠᠯ ᠲᠠᠢ ᠪᠠᠶᠢᠳᠠᠭ ᠃ ᠡᠶᠢᠨᠬᠦ ᠠᠪᠤ᠋ ᠡᠵᠢ  ᠠᠭᠰᠢᠷᠠᠭ᠎ᠠ ᠨᠠᠰᠤᠲᠠᠨ ᠢᠶᠡᠨ ᠠᠰᠠᠷᠠᠵᠤ ᠬᠦᠨᠳᠦᠯᠡᠬᠦ ᠦᠭᠡᠢ ᠠᠴᠢᠯᠠᠯ ᠵᠢᠷᠤᠮ ᠦᠭᠡᠢ ᠬᠦᠮᠦᠰ ᠢ ᠬᠤᠷᠴᠠ ᠰᠢᠷᠦᠭᠦᠨ ᠢᠶ᠋ᠡᠷ ᠰᠢᠭᠦᠮᠵᠢᠯᠡᠨ ︿ ︿ ᠡᠬᠡ ᠶ᠋ᠢᠨ ᠰᠠᠨᠠᠭ᠎ᠠ ᠦᠷ᠎ᠡ ᠳ᠋ᠦ ᠂ ᠦᠷ᠎ᠡ ᠶ᠋ᠢᠨ ᠰᠠᠨᠠᠭ᠎ᠠ ᠠᠭᠤᠯᠠᠨ ᠳ᠋ᠤ ﹀ ﹀ ᠭᠡᠰᠡᠨ ᠦᠭᠡ ᠪᠤᠢ ᠪᠣᠯᠵᠤ ᠠᠮᠠ ᠳᠠᠮᠵᠢᠬᠳᠠᠨ ᠡᠳᠦᠭᠡ ᠪᠣᠯᠲᠠᠯ᠎ᠠ ᠣᠯᠠᠮᠵᠢᠯᠠᠬᠳᠠᠨ ᠪᠠᠶᠢᠨ ᠳᠠᠬᠢᠨ ᠶᠠᠷᠢᠬᠳᠠᠬᠰᠠᠭᠠᠷ ᠪᠠᠶᠢᠨ᠎ᠠ ᠃
      ᠡᠨᠡ ᠦᠭᠡᠨ ᠦ ᠢᠷᠡᠯᠲᠡ ᠳ᠋ᠦ ᠡᠶᠢᠮᠦ ᠨᠢᠭᠡᠨ ᠳᠣᠮᠣᠭ ᠦᠯᠢᠭᠡᠷ ᠪᠤᠢ ᠃ ᠠᠪᠤ᠋ ᠡᠵᠢ ᠨᠢ ᠪᠣᠳᠠᠭ᠎ᠠ ᠭᠤᠶᠤᠨ ᠪᠠᠳᠢᠷᠴᠢᠯᠠᠵᠤ ᠬᠠᠯᠠ ᠵᠣᠪᠠᠯᠠᠩ ᠢ ᠬᠠᠨᠲᠠᠯ᠎ᠠ ᠠᠮᠰᠠᠵᠤ ᠪᠠᠶᠢᠭᠠᠳ ᠭᠠᠬᠴᠡ ᠬᠦᠦ ᠪᠡᠨ ᠪᠢᠴᠢᠭ ᠡᠷᠲᠡᠮ ᠰᠤᠷᠭᠠᠨ ᠰᠤᠷᠭᠠᠭᠤᠯᠢ ᠶ᠋ᠢᠨ ᠮᠦᠷ ᠢ ᠬᠦᠭᠡᠬᠡᠯᠬᠡᠵᠡᠢ ᠃ ᠬᠦᠦ ᠨᠢ ᠪᠢᠴᠢᠭ ᠰᠤᠷᠴᠤ ᠥᠭᠡᠯᠡᠢ ᠥᠨᠳᠦᠷ ᠪᠣᠯᠵᠤ ᠨᠤᠶᠠᠨ ᠪᠣᠯᠤᠬᠰᠠᠨ ᠤ ᠬᠣᠶᠢᠨ᠎ᠠ ᠂ ᠠᠪᠤ᠋ ᠡᠵᠢ ᠪᠡᠨ ᠠᠯᠢ ᠬᠡᠳᠦᠶᠢᠨ ᠮᠠᠷᠲᠠᠵᠤ ᠣᠷᠬᠢᠵᠠᠢ ᠃ ᠡᠵᠢ ᠨᠢ ᠨᠠᠰᠤ ᠠᠭᠰᠢᠷᠠᠵᠤ ᠴᠠᠯ ᠪᠣᠭᠤᠷᠤᠯ ᠪᠣᠯᠵᠤ ᠬᠦᠦ ᠶ᠋ᠢᠨ ᠢᠶ᠋ᠡᠨ ᠭᠡᠷ ᠲᠦ ᠬᠦᠷᠦᠭᠰᠡᠨ ᠳ᠋ᠦ ᠂ ᠬᠦᠦ ᠨᠢ ᠡᠵᠢ ᠪᠡᠨ ᠭᠡᠵᠤ ᠬᠡᠯᠡᠬᠦ ᠡᠴᠡ ᠢᠴᠢᠵᠦ  ᠰᠢᠷᠪᠡᠭᠡᠳᠦᠨ ᠂ ᠪᠣᠰᠣᠤᠨ ᠬᠦᠮᠦᠨ ᠳ᠋ᠦ ᠬᠡᠦᠬᠡᠳ ᠬᠠᠷᠠᠳᠠᠭ ᠶᠠᠪᠠ ᠬᠥᠭᠰᠢᠨ ᠬᠡᠮᠡᠨ ᠬᠡᠯᠡᠵᠦ ᠂ ᠮᠣᠷᠢᠨ ᠬᠠᠰᠢᠶᠠᠨ ᠳ᠋ᠤ ᠪᠠᠨ ᠬᠣᠨᠤᠭᠤᠯᠵᠤ ᠵᠠᠷᠤᠴᠠ ᠪᠣᠭᠣᠯ ᠤᠨ ᠠᠵᠢᠯ ᠬᠢᠯᠭᠡᠵᠡᠢ ᠃ ᠬᠦᠦ ᠪᠡᠷᠢ ᠨᠢ ᠨᠢᠭᠡ ᠡᠳᠥᠷ ᠡᠵᠢ ᠡᠴᠡ ᠨᠢ ᠦᠨᠡᠨ ᠤᠴᠢᠷ ᠢ ᠠᠰᠠᠭᠤᠨ ᠮᠡᠳᠡᠵᠦ ᠂ ᠵᠢᠷᠤᠮ ᠪᠠᠳᠦ ᠶ᠋ᠢ ᠪᠠᠷᠢᠮᠲᠠᠯᠠᠨ ᠲᠥᠪ ᠴᠢᠭᠡᠴᠢ ᠶ᠋ᠢ ᠭᠦᠢᠴᠡᠦᠨᠬᠡᠵᠦ ᠂ ᠥᠪᠡᠷ ᠦᠨ ᠡᠷ᠎ᠡ ᠪᠡᠨ ᠠᠯᠠᠭᠠᠳ ᠳᠣᠳᠤᠷ ᠢ ᠨᠢ ᠠᠭᠤᠳᠠᠯᠤᠨ ᠦᠵᠡᠭᠰᠡᠨ ᠳ᠋ᠦ ᠭᠠᠤᠯᠢᠨ ᠵᠢᠷᠦᠬᠡ ᠲᠡᠮᠦᠷ ᠠᠭᠤᠰᠬᠢ ᠲᠠᠢ ᠪᠠᠶᠢᠪᠠ ᠭᠡᠨ᠎ᠡ ᠃
      ᠡᠨᠡ ᠬᠦ ᠳᠣᠮᠣᠭ ᠦᠯᠢᠭᠡᠷ ᠡᠴᠡ ᠪᠢᠲᠡᠨᠦᠰ ︿ ︿ ᠡᠬᠡ ᠶ᠋ᠢᠨ ᠰᠠᠨᠠᠭ᠎ᠠ ᠦᠷ᠎ᠡ ᠳ᠋ᠦ ᠦᠷ᠎ᠡ ᠶ᠋ᠢᠨ ᠰᠠᠨᠠᠭ᠎ᠠ ᠠᠭᠤᠯᠠᠨ ᠳ᠋ᠤ ﹀ ﹀ ᠭᠡᠰᠡᠨ ᠤᠯᠠᠮᠵᠢᠯᠠᠯᠲᠤ ᠶᠠᠷᠢᠶᠠᠨ ᠤ ᠢᠷᠡᠯ ᠭᠠᠷᠤᠯ ᠢ ᠤᠬᠠᠵᠤ ᠂ ᠲᠣᠰ ᠳᠣᠮᠣᠭ ᠦᠯᠢᠭᠡᠷ ᠨᠢ ᠬᠦᠮᠦᠰ ᠲᠦ ᠦᠷ᠎ᠡ ᠬᠡᠦᠬᠡᠳ ᠪᠣᠯᠤᠬᠰᠠᠤᠨ ᠵᠠᠪᠠᠯ ᠡᠬᠡ ᠡᠴᠢᠭᠡ ᠥᠲᠡᠯᠦᠭᠡ ᠨᠠᠰᠤᠲᠠᠳ ᠢᠶᠡᠨ ᠬᠥᠨᠳᠦᠦᠨᠬᠡᠨ ᠬᠠᠷᠠᠭᠠᠯᠵᠠᠵᠤ ᠂ ᠡᠯᠪᠡᠷᠢᠯ ᠵᠢᠷᠤᠮ ᠢ ᠰᠠᠶᠢᠳᠤᠷ ᠭᠦᠢᠴᠡᠦᠨᠬᠡᠨ ᠂ ᠪᠢᠲᠡᠭᠡᠢ ᠭᠠᠤᠯᠢᠨ ᠵᠢᠷᠦᠬᠡ ᠲᠡᠮᠦᠷ ᠠᠭᠤᠰᠬᠢ ᠲᠠᠢ ᠬᠦᠮᠦᠨ ᠪᠣᠯᠤᠭᠠᠷᠠᠢ ᠭᠡᠰᠡᠨ ᠶᠣᠰᠣ ᠤᠴᠢᠷ ᠢ ᠶᠠᠷᠢᠬᠰᠠᠨ ᠪᠠᠶᠢᠨ᠎ᠠ ᠃

                       

                                                   ᠯᠢ ᠪᠤᠶᠠᠨᠴᠤᠬᠯᠠ

ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ