ᠢᠯᠡ ᠵᠠᠰᠠᠯ ᠡᠴᠠ ᠳᠠᠯᠳᠠ ᠴᠢᠮᠡᠭ ᠰᠠᠶᠢᠬᠠᠨ

ᠣᠩᠰᠢᠭᠰᠠᠨ ᠤᠳᠠᠭ᠎ᠠ ᠄ 7638     ᠨᠡᠶᠢᠳᠡᠯᠡᠭᠰᠡᠨ ᠴᠠᠭ ᠄ 2018/11/7 8:42:54

     ᠵᠠᠰᠠᠯ ᠴᠢᠮᠡᠭ ᠭᠡᠭᠴᠢ ᠡᠷᠡᠭᠲᠡᠢ ᠡᠮᠡᠭᠲᠡᠢ ᠂ ᠵᠠᠯᠠᠭᠤ ᠬᠥᠭᠰᠢᠨ ᠬᠡᠨ ᠪᠦᠬᠦᠨ ᠳ᠋ᠦ ᠴᠦᠮ ᠲᠣᠬᠢᠷᠠᠮᠵᠢ ᠰᠠᠶᠢᠲᠠᠢ ᠪᠠᠶᠢᠬᠤ ᠬᠡᠷᠡᠭᠲᠡᠢ ᠃ ᠵᠠᠰᠠᠯ ᠴᠢᠮᠡᠭ ᠲᠦ ᠢᠯᠡ ᠪᠠ ᠳᠠᠯᠳᠠ ᠴᠦᠮ ᠪᠠᠶᠢᠳᠠᠭ ᠃ ᠢᠯᠡ ᠭᠡᠪᠡᠯ ᠨᠢᠭᠤᠷ ᠲᠣᠯᠤᠭᠠᠢ ᠂  ᠬᠣᠪᠴᠠᠰᠤ ᠵᠠᠰᠠᠯ ᠪᠠᠶᠢᠵᠤ ᠂ ᠳᠠᠯᠳᠠ ᠭᠡᠪᠡᠯ ᠬᠥᠮᠥᠨ ᠦ ᠵᠠᠩ ᠬᠢᠭᠡᠳ ᠴᠢᠨᠠᠷ ᠪᠤᠢ ᠃ ᠬᠥᠮᠥᠨ ᠪᠦᠬᠦᠨ ᠢᠯᠡ ᠵᠠᠰᠠᠯ ᠢ ᠴᠢᠬᠤᠯᠠᠴᠢᠯᠠᠬᠤ ᠶ᠋ᠢᠨ ᠳᠠᠭᠠᠤ ᠳᠠᠯᠳᠠ ᠴᠢᠮᠡᠭ ᠢ ᠨᠡᠩ ᠢᠯᠡᠭᠦᠦ ᠬᠥᠨᠳᠦᠦᠨᠬᠡᠬᠦ ᠬᠡᠷᠡᠭᠲᠡᠢ ᠃ ᠢᠯᠡ ᠵᠠᠰᠠᠯ ᠡᠴᠠ ᠳᠠᠯᠳᠠ ᠴᠢᠮᠡᠭ ᠰᠠᠶᠢᠬᠠᠨ ᠪᠠᠶᠢᠳᠠᠭ ᠃ ᠢᠯᠡ ᠵᠠᠰᠠᠯ ᠳᠠᠯᠳᠠ ᠴᠢᠮᠡᠭ ᠴᠦᠮ ᠴᠢᠬᠤᠯᠠ ᠪᠠᠶᠢᠳᠠᠭ ᠃
      ᠢᠯᠡ ᠵᠠᠰᠠᠯ ᠤᠨ ᠰᠠᠴᠠᠭᠤ ᠪᠠᠷ ᠬᠥᠮᠥᠨ ᠦ ᠬᠠᠮᠤᠭ ᠤᠨ ᠡᠷᠬᠢᠮ ᠳᠡᠭᠡᠳᠦ ᠢᠨᠦ ᠡᠶᠡᠯᠳᠡᠭ ᠵᠥᠬᠡᠯᠡᠨ ᠪᠣᠯᠪᠠᠰᠤᠨ ᠶᠣᠰᠤᠷᠬᠠᠭ ᠠᠭᠠᠰᠢ ᠵᠠᠩ ᠮᠦᠨ ᠃ ᠬᠠᠯᠠᠭᠤᠨ ᠵᠥᠬᠡᠯᠡᠨ ᠬᠠᠷᠠᠴᠠ ᠲᠠᠢ ᠂ ᠬᠥᠩᠬᠡᠮᠰᠦᠭ ᠬᠥᠬᠡᠷᠦᠭᠡ ᠶᠠᠷᠢᠶ᠎ᠠ ᠲᠠᠢ ᠂ ᠭᠠᠴᠢᠬᠳᠠᠬᠰᠠᠨ ᠬᠥᠮᠥᠨ ᠳ᠋ᠦ ᠲᠤᠰᠠᠷᠬᠠᠭ ᠪᠠᠶᠢᠵᠤ ᠂ ᠥᠷᠦᠭᠡᠯ ᠢ ᠬᠦᠨᠳᠦᠦᠨᠬᠡᠨ ᠣᠨᠳᠣᠣ ᠦᠵᠡᠳᠡᠭ ᠦᠭᠡᠢ ᠵᠠᠩ ᠴᠢᠨᠠᠷ ᠪᠣᠯ ᠶᠠᠭᠤ ᠲᠠᠢ ᠴᠤ ᠵᠦᠢᠷᠯᠡᠰᠢ ᠦᠭᠡᠢ ᠥᠨᠡᠳᠦ ᠴᠢᠮᠡᠭ ᠮᠦᠨ ᠃ ᠦᠨᠡᠨ ᠢ ᠬᠡᠯᠡᠬᠦ ᠳ᠋ᠦ ᠂ ᠵᠠᠩ ᠴᠢᠨᠠᠷ ᠤᠨ ᠰᠠᠶᠢᠬᠠᠨ ᠢᠶᠠᠷ ᠬᠥᠮᠥᠨ ᠦ ᠳᠤᠷ᠎ᠠ ᠰᠡᠦᠨᠬᠢᠯ ᠢ ᠲᠠᠲᠠᠵᠤ ᠴᠢᠳᠠᠬᠤ ᠡᠴᠠ ᠪᠢᠰᠢ ᠦᠨᠡᠳᠦ ᠡᠳ᠋ᠯᠡᠯ ᠠᠯᠲᠠ ᠮᠥᠩᠭᠥ ᠪᠡᠷ ᠬᠥᠮᠥᠨ ᠢ ᠲᠠᠲᠠᠨ᠎ᠠ ᠭᠡᠭᠴᠢ ᠬᠣᠯᠠ ᠶ᠋ᠢᠨ ᠬᠠᠷᠠᠯᠲᠠ ᠦᠭᠡᠢ ᠬᠣᠷᠤᠮ ᠵᠠᠭᠤᠷ᠎ᠠ ᠶ᠋ᠢᠨ ᠶᠠᠪᠤᠳᠠᠯ ᠪᠠᠶᠢᠵᠤ ᠂ ᠵᠥᠨᠥᠭ ᠪᠣᠳᠤᠯ ᠤᠨ ᠨᠢᠭᠡ ᠲᠡᠳᠦᠢ ᠶᠤᠮ ᠃ ᠬᠥᠮᠥᠨ ᠦ ᠥᠨ᠎ᠡ ᠴᠡᠨ᠎ᠡ ᠨᠢ ᠵᠠᠩ ᠪᠣᠯᠣᠨ ᠴᠢᠨᠠᠷ ᠲᠠᠭᠠᠨ ᠪᠠᠶᠢᠳᠠᠭ ᠃ ᠲᠥᠪ ᠭᠣᠤᠯᠴᠢ ᠴᠢᠭᠡᠴᠢ ᠰᠢᠯᠤᠭᠤᠨ ᠵᠠᠩ ᠲᠠᠢ ᠂ ᠡᠶᠡᠪᠡᠷᠭᠦᠦ ᠵᠥᠬᠡᠯᠡᠨ ᠡᠶᠡᠯᠳᠡᠭ ᠰᠠᠶᠢᠬᠠᠨ ᠠᠭᠠᠰᠢ ᠲᠠᠢ ᠂ ᠢᠴᠢᠬᠦ ᠶ᠋ᠢ ᠮᠡᠳᠡᠵᠦ ᠵᠣᠪᠠᠬᠤ ᠶ᠋ᠢ ᠤᠶᠢᠯᠠᠭᠠᠳᠠᠭ ᠴᠡᠪᠡᠷ ᠠᠷᠢᠭᠤᠨ ᠪᠣᠳᠤᠯ ᠲᠠᠢ ᠂ ᠬᠣᠪᠢᠨᠴᠢᠷ ᠰᠢᠨᠤᠯ ᠤᠨ ᠰᠡᠦᠨᠬᠢᠯ ᠦᠭᠡᠢ ᠂ ᠥᠭᠬᠢᠶᠡᠮᠦᠷ ᠠᠭᠤᠵᠢᠭᠤ ᠰᠡᠦᠨᠬᠢᠯ ᠲᠠᠢ ᠂ ᠢᠲᠡᠭᠡᠯ ᠲᠦᠭᠦᠷᠡᠩ ᠬᠦᠰᠡᠯ ᠰᠠᠶᠢᠲᠠᠢ ᠂ ᠥᠷᠦᠭᠡᠯ ᠪᠣᠰᠣᠤᠨ ᠢ ᠥᠷᠦᠪᠳᠡᠵᠦ ᠬᠠᠶᠢᠷᠠᠯᠠᠬᠤ ᠶ᠋ᠢᠨ ᠳᠠᠭᠠᠤ ᠲᠤᠰᠠᠯᠠᠵᠤ ᠪᠠᠶᠢᠬᠤ ᠵᠡᠷᠭᠡ ᠵᠡᠷᠭᠡ ᠪᠣᠯ ᠪᠡᠶ᠎ᠡ ᠰᠡᠦᠨᠬᠢᠯ ᠦᠨ ᠳᠡᠭᠡᠳᠦ ᠵᠡᠷᠭᠡ ᠶ᠋ᠢᠨ ᠴᠢᠮᠡᠭ ᠮᠦᠨ ᠃ ᠡᠭᠦᠨ ᠢᠶ᠋ᠡᠷ ᠯᠠ ᠪᠡᠶ᠎ᠡ ᠰᠡᠦᠨᠬᠢᠯ ᠢᠶ᠋ᠡᠨ ᠴᠢᠮᠡᠵᠦ ᠶᠠᠪᠣᠬᠰᠠᠨ ᠴᠠᠭ ᠲᠤ ᠴᠡᠩᠭᠡᠯ ᠵᠢᠷᠭᠠᠯ ᠵᠡᠷᠬᠡᠴᠡᠨ ᠰᠠᠭᠠᠲᠠᠵᠤ ᠂ ᠨᠡᠶᠢᠭᠡᠮ ᠨᠡᠶᠢᠲᠡ ᠶ᠋ᠢᠨ ᠥᠷᠭᠡᠨ ᠲᠠᠭᠠᠰᠢᠶᠠᠯ ᠬᠠᠯᠠᠭᠤᠨ ᠬᠦᠷᠢᠶᠡᠯᠡᠯ ᠢ ᠣᠯᠬᠤ ᠨᠢ ᠳᠠᠮᠵᠢᠭ ᠦᠭᠡᠢ ᠯᠠᠪᠲᠠᠢ ᠶᠤᠮ ᠃

                                    

                                ᠯᠢ ᠪᠤᠶᠠᠨᠴᠤᠬᠯᠠ

ᠢᠷᠡᠯᠳᠡ᠄ ᠨᠠᠶᠢᠷᠠᠭᠤᠯᠤᠭᠴᠢ᠄ ᠳᠤᠯᠠᠭᠠᠨ