ᠰᠡᠷᠡᠯ ᠦᠨ ᠳᠥᠯᠥ

ᠣᠩᠰᠢᠭᠰᠠᠨ ᠤᠳᠠᠭ᠎ᠠ ᠄ 7601     ᠨᠡᠶᠢᠳᠡᠯᠡᠭᠰᠡᠨ ᠴᠠᠭ ᠄ 2018/11/7 8:38:10

ᠰᠡᠷᠡᠯ ᠦᠨ ᠳᠥᠯᠥ
     ᠯᠢ ᠪᠤᠶᠠᠨᠴᠤᠬᠯᠠ
ᠵᠢᠭᠡᠯᠡᠬᠦ ᠳ᠋ᠡᠬᠡᠨ ᠵᠦᠭᠡᠯᠡᠨᠣᠷᠣᠭᠤᠯ
ᠪᠣᠴᠠᠭᠠᠬᠤ ᠳ᠋ᠠᠭᠠᠨ ᠪᠣᠷᠤᠩᠬᠤᠢ ᠴᠢᠷᠠᠢ
ᠬᠡᠪ ᠴᠢᠨᠠᠷ ᠤᠨ ᠳᠣᠷᠣᠶᠢᠲᠠᠯ  ᠃

ᠶᠠᠳᠠᠭᠤ ᠬᠡᠮᠡᠨ ᠭᠠᠪᠢᠶ᠎ᠠ ᠲᠠᠢ ᠰᠢᠭ᠋
ᠵᠥᠳᠡᠭᠦᠦ ᠬᠡᠮᠡᠨ ᠵᠢᠦᠨᠬᠦᠯ ᠲᠠᠢ ᠰᠢᠭ
ᠦᠵᠡᠯ ᠰᠠᠨᠠᠭᠠᠨ ᠤ ᠠᠰᠠᠭᠤᠳᠠᠯ  ᠃
        ︿ ︿ ᠬᠦᠮᠦᠨ ᠱᠣᠯᠣᠮ ﹀ ﹀ ᠭᠡᠵᠦ
       ᠬᠦᠭᠰᠢᠦᠨ ᠬᠠᠶᠠ ᠬᠠᠭᠤᠴᠢᠯᠠᠬᠤ ᠶᠤᠮ

       ᠦᠨᠡᠨ ᠪᠣᠯᠵᠤ  ᠲᠠᠭᠠᠷᠠᠬᠤ ᠰᠢᠭ᠋ ᠃

ᠬᠣᠤᠳᠤᠣ ᠬᠣᠶᠢᠷᠭᠤ ᠶᠠᠳᠠᠭᠤᠷᠠᠨ᠎ᠠ ᠬᠣᠷᠮᠤᠰᠲᠠ ᠲᠡᠭᠷᠢ ᠳᠡᠦᠨᠬᠦᠨ᠎ᠡ

 ᠬᠤᠪᠢ ᠪᠠᠷ ᠢᠶᠡᠨ ᠴᠢᠷᠮᠠᠶᠢᠵᠤ ᠲᠠᠭᠠᠷᠠᠨ᠎ᠠ ᠃
       ᠵᠢᠷᠤᠮ ᠢ ᠪᠣᠳᠤᠨ ᠵᠦᠭᠡᠯᠡᠨ ᠰᠡᠦᠨᠬᠢᠯ ᠢᠶ᠋ᠡᠷ
       ᠵᠣᠭᠤᠰ ᠤᠨ ᠶᠠᠪᠤᠳᠠᠯ ᠳ᠋ᠤ ᠣᠷᠤᠪᠠᠰᠤ

      ᠵᠣᠪᠠᠯᠠᠩ ᠢᠶᠡᠨ ᠣᠯᠬᠤ ᠶᠠᠭᠤ ᠮᠠᠭᠠᠳ ᠃

ᠠᠷᠢᠬᠢᠨ ᠤ ᠴᠢᠦᠨᠬᠦᠷ ᠠᠮᠢ ᠪᠠᠨ ᠠᠯᠳᠠᠨ᠎ᠠ    

ᠠᠭᠠᠰᠢᠨ ᠤ ᠪᠠᠭᠠᠳᠤᠷ ᠠᠯᠳᠠᠷ ᠢᠶᠡᠨ ᠭᠣᠳᠣᠭᠠᠨ᠎ᠠ

 ᠠᠩᠬᠠᠷᠪᠠᠰᠤ ᠵᠣᠬᠢᠮᠤᠢ ᠃
       ᠰᠤᠷᠭᠠᠮᠵᠢ ᠪᠠᠶᠢᠪᠠᠯ ᠬᠦᠮᠦᠵᠢᠯ ᠪᠤᠢ
       ᠳᠤᠷᠠᠰᠤᠮᠵᠢ ᠪᠠᠶᠢᠪᠠᠯ ᠬᠦᠷᠲᠡᠭᠡᠯ ᠪᠤᠢ

       ᠮᠡᠳᠡᠵᠦ ᠶᠠᠪᠤᠭᠠᠷᠠᠢ ᠃

ᠬᠠᠨᠤᠮᠵᠢ ᠪᠣᠯ ᠵᠢᠷᠭᠠᠯ ᠰᠢᠦ

 ᠬᠠᠯᠠᠮᠵᠢ ᠪᠣᠯ ᠪᠠᠶᠠᠰᠤᠯ ᠰᠢᠦ
 ᠪᠣᠳᠤᠵᠤ ᠰᠠᠶᠢᠬᠠᠨ ᠦᠵᠡᠭᠡᠷᠡᠢ ᠃
       ᠠᠵᠢᠯᠴᠢ ᠠᠷᠪᠢᠴᠢ ᠪᠠᠶᠠᠵᠢᠬᠤ ᠶ᠋ᠢᠨ ᠪᠡᠯᠭᠡ
       ᠠᠯᠵᠠᠭᠤ ᠬᠣᠤᠳᠤᠣ ᠶᠠᠳᠠᠭᠤᠷᠠᠬᠤ ᠶ᠋ᠢᠨ ᠲᠡᠮᠳᠡᠭ
       ᠠᠮᠢᠳᠤᠷᠠᠯ ᠤᠨ ᠵᠢᠮ᠎ᠡ ᠡᠶᠢᠮᠦ ᠯᠠ ᠳ᠋ᠠ ᠃
ᠢᠷᠡᠯᠳᠡ᠄ ᠨᠠᠶᠢᠷᠠᠭᠤᠯᠤᠭᠴᠢ᠄ ᠳᠤᠯᠠᠭᠠᠨ