ᠢᠪᠷᠠᠶᠢᠴᠣᠤᠨ ᠤᠨ ᠦᠵᠡᠯᠲᠡ ᠶᠠᠭᠤ ᠨᠢᠭᠡ ᠶ᠋ᠢ ᠮᠡᠳᠡᠭᠦᠯᠵᠦ ᠲᠠᠭᠠᠷᠠᠨ᠎ᠠ

ᠣᠩᠰᠢᠭᠰᠠᠨ ᠤᠳᠠᠭ᠎ᠠ ᠄ 6610     ᠨᠡᠶᠢᠳᠡᠯᠡᠭᠰᠡᠨ ᠴᠠᠭ ᠄ 2018/11/6 10:32:25

      ᠮᠡᠳᠡᠭᠡᠯᠡᠯ ᠢ ᠦᠨᠳᠦᠰᠦᠯᠡᠪᠡᠯ ᠂ ᠢᠪᠷᠠᠶᠢᠴᠣᠤᠨ 5000 ᠣᠨ ᠤ ᠥᠨᠢ ᠤᠳᠠᠭᠠᠨ ᠲᠡᠦᠬᠡ ᠲᠠᠢ ᠃ ᠢᠪᠷᠠᠶᠢᠴᠣᠤᠨ ᠤᠨ ᠭᠡᠷᠡᠯ ᠰᠠᠴᠣᠷᠠᠩᠭᠤᠢ ᠰᠤᠶᠣᠯ ᠨᠢ ᠪᠦᠬᠦᠶᠢᠯᠡ ᠳᠡᠯᠡᠬᠡᠢ ᠶᠢᠷᠲᠢᠨᠴᠦ ᠶ᠋ᠢ ᠭᠡᠶᠢᠭᠦᠯᠵᠦ ᠪᠠᠶᠢᠬᠰᠠᠨ ᠶᠤᠮ ᠳ᠋ᠠᠭ ᠃ ᠲᠡᠳᠡᠨ ᠦ ᠰᠣᠶᠣᠯ ᠳ᠋ᠦ᠋ᠨᠢ ᠡᠴᠢᠨ᠎ᠡ ᠳᠠᠯᠳᠠ ᠶᠠᠭᠤᠮᠠᠰ ᠪᠠᠰᠠ ᠨᠢᠭᠤᠬᠳᠠᠵᠤ ᠪᠠᠶᠢᠵᠠᠢ ᠃ ᠲᠣᠬᠠᠶᠢᠯᠠᠪᠠᠯ ᠳᠡᠯᠡᠬᠡᠢ ᠶ᠋ᠢᠨ ᠡᠯ᠎ᠡ ᠭᠠᠵᠠᠷ ᠤᠨ ᠢᠪᠷᠠᠶᠢᠴᠣᠤᠨ ᠤᠨ ᠦᠶ᠎ᠡ ᠶ᠋ᠢᠨ ᠦᠶ᠎ᠡ ᠤᠯᠠᠮᠵᠢᠯᠠᠬᠰᠠᠭᠠᠷ ᠢᠷᠡᠭᠰᠡᠨ ᠡᠴᠢᠨ᠎ᠡ ᠳᠠᠯᠳᠠ ᠵᠢᠮ᠎ᠡ ᠬᠠᠤᠯᠢ-- ︿ ︿ ᠣᠷᠴᠢᠯᠠᠩ ᠤᠨ ᠵᠢᠮ᠎ᠡ ᠬᠠᠤᠯᠢ ﹀ ﹀ ᠂ ᠥᠭᠡᠷ᠎ᠡ ᠪᠡᠷ ᠬᠡᠯᠡᠪᠡᠯ ︿ ︿ 78 ᠄ 22 ﹀ ﹀ ᠵᠢᠮ᠎ᠡ ᠬᠠᠤᠯᠢ ᠪᠣᠯᠤᠨ᠎ᠠ ᠃
      ᠡᠨᠡ ᠬᠦ ᠵᠢᠮ᠎ᠡ ᠬᠠᠤᠯᠢ ᠶ᠋ᠢᠨ ᠦᠵᠡᠬᠦ ᠪᠡᠷ ᠂ ᠳᠡᠯᠡᠬᠡᠢ ᠶᠢᠷᠲᠢᠨᠴᠦ ᠶ᠋ᠢᠨ ᠠᠯᠢᠪᠠ ᠪᠦᠬᠦᠨ ᠴᠦᠮ 78 ᠄ 22 ᠦ᠋ᠨ ᠬᠠᠷᠢᠴᠠᠯ ᠢᠶᠠᠷ ᠣᠷᠤᠰᠢᠵᠤ ᠪᠠᠶᠢᠳᠠᠭ ᠃ ᠵᠢᠱᠢᠶᠡᠯᠡᠪᠡᠯ ᠳᠡᠯᠡᠬᠡᠢ ᠶ᠋ᠢᠨ ᠪᠦᠮᠪᠦᠷᠴᠡᠭ ᠦᠨ ᠠᠭᠠᠷ ᠤᠨ ᠪᠦᠷᠢᠯᠳᠦᠭᠦᠨ ᠠᠽᠣᠲ ᠪᠣᠯᠣᠨ ᠨᠡᠭᠦᠷᠡᠰᠦᠳᠦᠢᠷᠦᠭᠴᠢ ᠶ᠋ᠢᠨ ᠬᠠᠷᠢᠴᠠᠯ ᠨᠢ 78 ᠄ 22 ᠪᠠᠶᠢᠵᠤ ᠂ ᠬᠦᠮᠦᠨ ᠲᠥᠷᠦᠯᠬᠢᠲᠡᠨ ᠦ ᠪᠡᠶ᠎ᠡ ᠮᠠᠬᠠᠪᠤᠳ ᠤᠨ ᠳᠣᠳᠤᠷᠠᠬᠢ ᠤᠰᠤ ᠪᠣᠯᠣᠨ ᠪᠣᠰᠣᠤᠨ ᠪᠤᠳᠠᠰ ᠤᠨ ᠬᠠᠷᠢᠴᠠᠯ ᠨᠢ ᠴᠤ 78 ᠄ 22 ᠪᠠᠶᠢᠵᠤ ᠂ ᠢᠪᠷᠠᠶᠢᠴᠣᠤᠨ ᠠᠷᠠᠯᠵᠢᠶ᠎ᠠ ᠮᠠᠶᠢᠮᠠᠢ ᠬᠢᠬᠦ ᠳ᠋ᠡᠬᠡᠨ 78 ᠄ 22 ᠢᠶᠠᠷ ᠤᠳᠠᠭ᠎ᠠ ᠪᠦᠷᠢ ᠶ᠋ᠢᠨ ᠮᠠᠶᠢᠮᠠᠢ ᠶ᠋ᠢᠨ ᠬᠠᠷᠢᠴᠠᠯ ᠢ ᠵᠠᠳᠠᠯᠵᠤ ᠰᠢᠨᠵᠢᠯᠡᠬᠦ ᠳᠤᠷᠠᠲᠠᠢ ᠪᠠᠶᠢᠳᠠᠭ ᠃ ᠵᠢᠱᠢᠶᠡᠯᠡᠪᠡᠯ ᠂ ᠳᠡᠯᠡᠬᠡᠢ ᠳᠡᠭᠡᠷᠡᠬᠢ ︿ ︿ ᠵᠢᠭᠡᠯᠡᠯᠭᠡ ᠲᠠᠯᠪᠢᠬᠴᠢ ﹀ ﹀ ᠨᠢ ︿ ︿ ᠵᠣᠭᠤᠰ ᠵᠢᠭᠡᠯᠡᠭᠴᠢ ﹀ ﹀ ᠡᠴᠡ ᠬᠣᠯᠠ ᠠᠷᠪᠢᠨ ᠭᠡᠳᠡᠭ ᠃ ᠲᠡᠷᠡ ᠮᠦᠷᠲᠡᠭᠡᠨ ᠬᠠᠷᠢᠴᠠᠯ ᠨᠢ 78 ᠄ 22 ᠭᠡᠰᠡᠨ ᠢ ᠢᠪᠷᠠᠶᠢᠴᠣᠤᠨ ᠠᠯᠢ ᠡᠷᠲᠡ ᠣᠯᠵᠤ ᠮᠡᠳᠡᠵᠡᠢ ᠃ ᠢᠪᠷᠠᠶᠢᠴᠣᠤᠨ ᠡᠭᠦᠨ ᠢ ᠲᠠᠶᠢᠯᠪᠤᠷᠢᠯᠠᠬᠤ ᠳ᠋ᠠᠭᠠᠨ ᠂ ᠪᠠᠩᠬᠢ ᠨᠤᠭᠤᠳ ᠪᠣᠯ ᠮᠠᠰᠢ ᠣᠯᠠᠨ ︿ ︿ ᠵᠢᠭᠡᠯᠡᠯᠭᠡ ᠲᠠᠯᠪᠢᠬᠴᠢ ﹀ ﹀ ᠶ᠋ᠢᠨ ᠵᠣᠭᠤᠰ ᠲᠤ ᠲᠥᠰᠢᠭᠯᠡᠨ ᠂ ᠳᠠᠬᠢᠨ ᠴᠥᠬᠡᠨ ᠲᠣᠭᠠᠨ ᠤ ︿ ︿ ᠵᠣᠭᠤᠰ ᠵᠢᠭᠡᠯᠡᠭᠴᠢ ﹀ ﹀ ᠲᠦ ᠳᠠᠮ ᠵᠢᠭᠡᠯᠡᠭᠦᠯᠳᠡᠭ ᠭᠡᠵᠦ ᠦᠵᠡᠳᠡᠭ ᠃
      ᠢᠪᠷᠠᠶᠢᠴᠣᠤᠨ ᠤᠨ ᠦᠵᠡᠬᠦ ᠪᠡᠷ ᠂ ᠳᠡᠯᠡᠬᠡᠢ ᠳ᠋ᠠᠬᠢᠨ ᠤ ᠡᠳ᠋ ᠬᠥᠷᠦᠩᠭᠡ ᠶ᠋ᠢᠨ ᠵᠠᠭᠤᠨ ᠤ ᠳᠠᠯᠠᠨ ᠨᠠᠢᠮᠠ ᠨᠢ ᠬᠡᠵᠢᠶᠡᠳᠡ ᠵᠠᠭᠤᠨ ᠤ ᠬᠣᠷᠢᠨ ᠬᠣᠶᠠᠷ ᠤᠨ ᠴᠥᠬᠡᠪᠦᠷᠢ ᠪᠠᠶᠠᠴᠤᠳ ᠤᠨ ᠭᠠᠷ ᠲᠤ ᠡᠵᠡᠮᠰᠢᠭᠳᠡᠵᠦ ᠪᠠᠶᠢᠳᠠᠭ ᠃ ᠭᠡᠬᠦ ᠳ᠋ᠦ ᠵᠠᠭᠤᠨ ᠤ ᠳᠠᠯᠠᠨ ᠨᠠᠢᠮᠠ ᠶ᠋ᠢᠨ ᠡᠩ ᠦᠨ ᠬᠦᠮᠦᠰ ᠨᠢ ᠵᠠᠭᠤᠨ ᠤ ᠬᠣᠷᠢᠨ ᠬᠣᠶᠠᠷ ᠤᠨ ᠡᠳ᠋ ᠬᠥᠷᠦᠩᠭᠡ ᠶ᠋ᠢ ᠯᠠ ᠡᠵᠡᠮᠰᠢᠵᠦ ᠪᠠᠶᠢᠳᠠᠭ ᠭᠡᠨ᠎ᠡ ᠃
      ᠢᠪᠷᠠᠶᠢᠴᠣᠤᠨ ᠤᠨ ᠦᠵᠡᠯᠲᠡ ᠮᠠᠨᠤᠰ ᠲᠤ ᠶᠠᠭᠤ ᠨᠢᠭᠡ ᠶ᠋ᠢ ᠮᠡᠳᠡᠭᠦᠯᠵᠦ ᠲᠠᠭᠠᠷᠠᠨ᠎ᠠ ᠃
      ᠦᠵᠡᠯᠲᠡ ᠨᠢ ᠵᠥᠪ ᠪᠣᠯ ᠤᠶᠢᠯᠡᠰ ᠨᠢ ᠬᠥᠭᠵᠢᠯᠲᠡ ᠲᠠᠢ ᠪᠣᠯᠬᠤ ᠨᠢ ᠯᠠᠪᠲᠠᠢ ᠪᠠᠶᠢᠭ᠎ᠠ ᠃
 
                                ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ