ᠨᠠᠰᠤᠲᠠᠨ ᠢᠶᠡᠨ ᠠᠰᠠᠷᠠᠬᠴᠢ ᠨᠠᠶᠢᠷᠰᠠᠭ ᠭᠡᠷ ᠪᠦᠯᠢ ᠶ᠋ᠢᠨ ᠡᠵᠡᠭᠲᠡᠢ-- ᠵᠢᠨ ᠶᠧ

ᠣᠩᠰᠢᠭᠰᠠᠨ ᠤᠳᠠᠭ᠎ᠠ ᠄ 1549     ᠨᠡᠶᠢᠳᠡᠯᠡᠭᠰᠡᠨ ᠴᠠᠭ ᠄ 2018/11/6 10:12:11

      ᠨᠠᠢᠮᠠᠨ ᠬᠤᠰᠢᠭᠤᠨ ᠤ ᠳᠠᠴᠢᠨᠲᠠᠯ᠎ᠠ ᠪᠠᠯᠭᠠᠰᠤᠨ ᠤ ᠮᠥᠩᠬᠡ ᠭᠠᠴᠠᠭᠠᠨ ᠤ ᠰᠢᠷᠠᠲᠠᠯ᠎ᠠ ᠳᠣᠭᠤᠶᠢᠯᠠᠩ ᠤᠨ ᠵᠢᠨ ᠶᠧ ᠂ ᠡᠨᠡ ᠵᠢᠯ 50 ᠨᠠᠰᠤᠲᠠᠢ ᠃ ᠠᠩᠬ᠎ᠠ ᠳᠣᠮᠳᠠᠳᠤ ᠪᠠᠨ ᠲᠡᠭᠦᠰᠭᠡᠨ ᠠᠵᠢᠯ ᠬᠦᠳᠡᠯᠮᠦᠷᠢ ᠳ᠋ᠦ ᠣᠷᠤᠯᠴᠠᠨ 1994 ᠣᠨ ᠳ᠋ᠤ ᠲᠣᠰ ᠠᠶᠢᠯ ᠤᠨ ᠵᠠᠯᠠᠭᠤ ᠪᠠᠢ ᠢᠦᠢ ᠲᠠᠢ ᠬᠣᠷᠢᠮᠯᠠᠵᠤ ᠂ ᠣᠳᠣ 25 ᠨᠠᠰᠤ ᠲᠠᠢ ᠬᠦᠦ ᠪᠣᠯᠣᠨ 83 ᠨᠠᠰᠤ ᠲᠠᠢ ᠬᠠᠳᠠᠮ ᠡᠵᠢ ᠲᠠᠢ ᠪᠠᠨ 4 ᠠᠮᠠ ᠬᠦᠮᠦᠨ ᠬᠠᠮᠳᠤ ᠪᠠᠷ ᠵᠣᠯ ᠵᠢᠷᠭᠠᠯ ᠲᠠᠢ ᠨᠠᠶᠢᠷᠰᠠᠭ ᠰᠠᠶᠢᠬᠠᠨ ᠠᠵᠤ ᠲᠥᠷᠥᠨ ᠠᠮᠢᠳᠤᠷᠠᠵᠤ ᠪᠠᠶᠢᠨ᠎ᠠ ᠃
      ᠬᠢᠴᠢᠶᠡᠯᠢ ᠨᠠᠰᠤᠨ ᠤ ᠵᠢᠨ ᠶᠧ ᠂ ᠨᠠᠮ ᠤᠨ ᠵᠢᠭᠠᠪᠤᠷᠢ ᠮᠤᠩᠭᠤᠯ ᠤᠨ ᠵᠠᠩᠰᠢᠯ ᠢᠶᠠᠷ ᠨᠠᠰᠤᠲᠠᠨ ᠢᠶᠡᠨ ᠠᠰᠠᠷᠠᠨ ᠬᠠᠷᠠᠭᠠᠯᠵᠠᠵᠤ ᠠᠳᠠᠯ ᠠᠮᠢᠳᠤᠷᠠᠯ ᠢᠶᠡᠨ ᠣᠮᠣᠭ ᠪᠠᠬᠠᠳᠤᠮ᠎ᠠ ᠡᠷᠭᠦᠵᠦ ᠶᠠᠪᠤᠭ᠎ᠠ ᠠᠴᠢᠯᠠᠯᠲᠠᠢ ᠰᠠᠶᠢᠨ ᠪᠡᠷᠢ ᠪᠠᠶᠢᠭ᠎ᠠ ᠶᠤᠮ ᠃ ᠥᠳᠡᠯᠦᠭᠡ ᠪᠣᠯᠤᠬᠰᠠᠨ ᠬᠠᠳᠠᠮ ᠡᠵᠢ ᠨᠢ ᠴᠢᠰᠤᠨ ᠳᠠᠷᠤᠯᠲᠠ ᠥᠨᠳᠦᠷ ᠵᠡᠷᠭᠡ ᠣᠯᠠᠨ ᠠᠷᠬᠠᠭ ᠭᠡᠮ ᠲᠠᠢ ᠪᠠᠶᠢᠳᠠᠭ ᠃ ᠪᠡᠷᠢ ᠪᠣᠯᠤᠬᠴᠢ ᠵᠢᠨ ᠶᠧ ᠂ ᠬᠠᠳᠠᠮ ᠡᠵᠢ ᠪᠡᠨ ᠬᠤᠪᠢ ᠶ᠋ᠢᠨ ᠭᠠᠳᠠᠨ᠎ᠠ ᠬᠦᠨᠳᠦᠦᠨᠬᠡᠨ ᠰᠡᠦᠨᠬᠢᠯ ᠴᠢᠯᠡᠭᠡᠨ ᠠᠰᠠᠷᠠᠵᠤ ᠰᠡᠪ ᠦᠭᠡᠢ ᠬᠠᠷᠠᠭᠠᠯᠵᠠᠬᠤ ᠶ᠋ᠢ ᠪᠡᠶᠡᠯᠡᠭᠦᠯᠵᠦ ᠂ ᠬᠣᠷᠢ ᠭᠠᠷᠤᠢ ᠵᠢᠯ ᠢ ᠨᠢᠭᠡ ᠡᠳᠥᠷ ᠮᠡᠳᠥ ᠥᠩᠭᠡᠷᠡᠭᠡᠨ ᠡᠶ᠎ᠡ ᠵᠣᠬᠢᠴᠠᠩᠭᠤᠢ ᠵᠣᠯ ᠵᠢᠷᠭᠠᠯᠳᠤ ᠭᠡᠷ ᠪᠦᠯᠢ ᠶ᠋ᠢ ᠪᠠᠶᠢᠭᠤᠯᠵᠤ ᠂ ᠣᠯᠠᠨ ᠤ ᠳᠠᠭᠤᠷᠢᠶᠠᠯ ᠤᠳᠤᠷᠢᠳᠤᠯᠭ᠎ᠠ ᠶ᠋ᠢᠨ ᠢᠲᠡᠭᠡᠯ ᠢ ᠣᠯᠵᠤ ᠪᠤᠢ ᠃ ᠡᠳᠥᠷ ᠳᠣᠳᠥᠮ ᠤᠨ ᠨᠠᠰᠤᠲᠠᠨ  ᠢ ᠠᠰᠠᠷᠠᠨ ᠬᠠᠷᠠᠭᠠᠯᠵᠠᠬᠤ ᠠᠵᠢᠯ ᠪᠣᠯ ᠦᠨᠡᠨ ᠳ᠋ᠡᠬᠡᠨ ᠲᠤᠶᠢᠯ ᠤᠨ ᠨᠠᠷᠢᠨ ᠪᠣᠳᠤᠯᠢᠶᠠᠨ ᠲᠠᠢ ᠬᠦᠴᠢᠷᠳᠡᠯ ᠶᠡᠬᠡᠲᠡᠢ ᠶᠠᠪᠤᠳᠠᠯ ᠪᠣᠯᠬᠤ ᠶᠤᠮ ᠃ ᠢᠳᠡᠵᠦ ᠣᠤᠭᠤᠬᠤ ᠶ᠋ᠢ ᠨᠢ ᠰᠠᠨᠠᠭ᠎ᠠ ᠪᠠᠷ ᠨᠢ ᠳᠣᠬᠢᠷᠠᠭᠤᠯᠬᠤ ᠂ ᠤᠨᠲᠠᠵᠤ ᠬᠡᠪᠳᠠᠬᠦ ᠶ᠋ᠢ ᠨᠢ ᠵᠣᠬᠢᠰᠲᠠᠢ ᠠᠩᠬᠠᠷᠬᠤ ᠂ ᠬᠦᠨᠳᠦ ᠡᠪᠡᠦᠨᠴᠢᠯᠡᠪᠡᠯ ᠡᠮᠨᠡᠯᠭᠡ ᠳ᠋ᠦ ᠬᠦᠷᠭᠡᠬᠦ ᠪᠠ ᠡᠮᠨᠡᠭᠦᠯᠦᠨ ᠰᠣᠪᠢᠯᠠᠬᠤ ᠂ ᠡᠳᠥᠷ ᠳᠣᠳᠥᠮ ᠡᠮᠴᠢ ᠵᠠᠯᠠᠵᠤ ᠦᠵᠡᠭᠦᠯᠬᠦ ᠪᠠ ᠡᠮ ᠳᠠᠩ ᠤᠣᠭᠤᠯᠭᠠᠬᠤ ᠵᠡᠷᠭᠡ ᠠᠯᠢ ᠣᠯᠠᠨ ᠪᠣᠳᠠᠳᠤ ᠠᠵᠢᠯ ᠢ ᠥᠴᠦᠬᠡᠨ ᠴᠤ ᠣᠰᠤᠯᠳᠠᠯ ᠦᠭᠡᠢ ᠨᠠᠷᠢᠨ ᠬᠢᠨᠠᠮᠠᠭᠠᠢ ᠭᠦᠢᠴᠡᠦᠨᠬᠡᠳᠡᠭ ᠨᠢ ᠪᠡᠷᠢ ᠵᠢᠨ ᠶᠧ ᠨᠢᠭᠡ ᠪᠠᠶᠢᠭ᠎ᠠ ᠶᠤᠮ ᠃ ᠨᠢᠭᠡ ᠤᠳᠠᠭ᠎ᠠ ᠂ ᠬᠠᠳᠠᠮ ᠡᠵᠢ ᠶ᠋ᠢᠨ ᠬᠢᠨ ᠡᠪᠡᠦᠨᠴᠢᠨ ᠢ ᠡᠮᠨᠡᠨ ᠵᠠᠰᠠᠬᠤ ᠳ᠋ᠤ ᠡᠷᠡᠨᠳᠡ ᠶ᠋ᠢᠨ ᠲᠣᠰᠣ ᠬᠡᠷᠡᠭᠴᠡᠭᠡ ᠲᠠᠢ ᠪᠣᠯᠤᠬᠰᠠᠨ ᠳ᠋ᠤ ᠲᠡᠷᠡ ᠪᠡᠷ ᠡᠨᠲᠡ ᠲᠡᠨᠳᠡ ᠭᠦᠶᠦᠨ ᠡᠷᠡᠨᠳᠡ ᠡᠷᠢᠨ ᠮᠣᠩᠭᠠᠨᠢᠵᠤ  ᠡᠳᠦᠢ ᠲᠡᠳᠦᠢ ᠣᠯᠵᠤ ᠬᠡᠮᠬᠡᠯᠦᠨ ᠴᠢᠨᠠᠵᠤ ᠲᠣᠰᠣ ᠶ᠋ᠢ ᠨᠢ ᠰᠢᠷᠭᠠᠭᠠᠨ ᠠᠪᠴᠤ ᠂ ᠬᠠᠳᠠᠮ ᠡᠵᠢ ᠶ᠋ᠢᠨ ᠢᠶ᠋ᠡᠨ ᠡᠪᠡᠦᠨᠴᠢᠨ ᠢ ᠨᠢ ᠵᠠᠰᠠᠨ ᠡᠪᠡᠦᠨᠬᠦ ᠶ᠋ᠢ ᠨᠢ ᠨᠠᠮᠳᠠᠭᠤᠯᠤᠨ ᠡᠳᠡᠭᠡᠷᠡᠭᠦᠯᠦᠨ ᠠᠪᠴᠠᠢ ᠃ ᠡᠭᠦᠨ ᠳ᠋ᠦ ᠬᠠᠳᠠᠮ ᠡᠵᠢ ᠨᠢ ᠥᠷᠭᠦᠯᠵᠢ ᠬᠦᠮᠦᠰ ᠲᠦ ︿ ︿ ᠮᠢᠨᠤ ᠬᠦᠦ ᠪᠡᠷᠢ ᠰᠠᠶᠢᠨ ᠰᠢᠦ ﹀ ﹀ ᠭᠡᠵᠦ ᠳ᠋ᠦᠩᠨᠡᠯᠲᠡ ᠶ᠋ᠢᠨ ᠰᠢᠨᠵᠢ ᠲᠠᠢ ᠳᠥᠭᠦᠮᠬᠡᠨ ᠶᠠᠷᠢᠵᠤ ᠪᠠᠶᠠᠰᠤᠩᠭᠤᠢ ᠮᠦᠰᠢᠶᠡᠳᠦ ᠢᠯᠡᠷᠡᠭᠦᠯᠳᠡᠭ ᠪᠢᠯᠡ ᠃

                                              ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ