ᠶᠠᠳᠠᠭᠤ ᠰᠤᠷᠤᠬᠴᠢ ᠶ᠋ᠢ ᠳᠡᠦᠨᠬᠦᠭᠴᠢ ᠮᠤᠩᠭᠤᠯ ᠭᠡᠷ ᠢᠳᠡᠭᠡᠨ ᠦ ᠺᠣᠮᠫᠠᠨᠢ

ᠣᠩᠰᠢᠭᠰᠠᠨ ᠤᠳᠠᠭ᠎ᠠ ᠄ 394     ᠨᠡᠶᠢᠳᠡᠯᠡᠭᠰᠡᠨ ᠴᠠᠭ ᠄ 2018/11/6 9:08:25

      ᠨᠠᠢᠮᠠᠨ ᠬᠤᠰᠢᠭᠤᠨ ᠤ ︿ ︿ ᠥᠪᠥᠷ ᠮᠤᠩᠭᠤᠯ ᠤᠨ ᠮᠤᠩᠭᠤᠯ ᠭᠡᠷ ᠢᠳᠡᠭᠡᠨ ᠦ ᠬᠢᠵᠠᠭᠠᠷᠳᠤ ᠺᠣᠮᠫᠠᠨᠢ  ﹀ ﹀ ᠶ᠋ᠢᠨ ᠵᠢᠯ ᠦᠨ ᠤᠶᠢᠯᠡᠦᠨᠪᠦᠷᠢᠯᠡᠯ ᠤᠨ ᠥᠷᠳᠡᠭ 2100 ᠲᠦᠮᠡᠨ ᠲᠥᠭᠦᠷᠢᠭ ᠂ ᠠᠰᠢᠭ ᠬᠣᠨᠵᠢᠪᠤᠷᠢ 200 ᠲᠦᠮᠡᠨ ᠲᠥᠭᠦᠷᠢᠭ ᠂ ᠳᠡᠭᠡᠭᠰᠢ ᠲᠤᠰᠢᠶᠠᠬᠤ ᠭᠠᠶᠢᠯᠢ 60 ᠲᠦᠮᠡᠨ ᠲᠥᠭᠦᠷᠢᠭ ᠪᠠᠶᠢᠵᠤ ᠂ ᠠᠵᠢᠯᠴᠢᠨ ᠠᠵᠢᠯᠲᠠᠨ 100 ᠬᠦᠷᠬᠦ ᠦᠭᠡᠢ ᠪᠠᠭ᠎ᠠ ᠬᠡᠯᠪᠡᠷᠢ ᠶ᠋ᠢᠨ ᠠᠵᠤ ᠠᠬᠤᠶᠢᠯᠠᠯ ᠪᠣᠯᠤᠨ᠎ᠠ ᠃ ᠭᠡᠬᠦ ᠳ᠋ᠦ ᠲᠡᠳᠡᠨᠦᠰ ᠠᠯᠢᠪᠠ ᠵᠠᠷᠤᠳᠠᠯ ᠬᠡᠷᠡᠭᠰᠡᠯ ᠢᠳᠡᠵᠦ ᠤᠣᠭᠤᠬᠤ ᠪᠠᠨ ᠠᠷᠪᠢᠯᠠᠨ ᠂ ᠠᠷᠪᠢᠯᠠᠨ ᠭᠠᠮᠨᠠᠬᠰᠠᠨ ᠵᠣᠭᠤᠰ ᠢᠶᠠᠷ ᠢᠶᠡᠨ12 ᠨᠡᠷᠡᠰ ᠶᠠᠳᠠᠭᠤ ᠬᠦᠴᠢᠷᠲᠡᠢ  ᠰᠤᠷᠤᠬᠴᠢ  ᠶ᠋ᠢ ᠳᠡᠮᠵᠢᠵᠦ ᠪᠤᠢ ᠃ ᠺᠣᠮᠫᠠᠨᠢ ᠶ᠋ᠢᠨ ᠬᠠᠷᠢᠭᠤᠴᠠᠯᠭᠠᠲᠠᠨ ᠵᠠᠩ ᠬᠠᠢ  ᠪᠦᠸ᠋ᠸ ᠬᠡᠯᠡᠬᠦ ᠳ᠋ᠡᠬᠡᠨ ᠄ ︿ ︿ ᠬᠡᠦᠬᠡᠳ ᠪᠦᠷ ᠴᠦᠮ ᠪᠢᠴᠢᠭ ᠰᠤᠷᠴᠤ ᠮᠡᠳᠡᠯᠭᠡ ᠡᠵᠡᠮᠰᠢᠬᠦ ᠡᠷᠬᠡ ᠲᠠᠢ ᠂ ᠡᠶᠢᠨᠬᠦ ᠶᠠᠳᠠᠭᠤ ᠡᠴᠠ ᠪᠣᠯᠵᠤ ᠲᠡᠳᠡᠨᠦᠰ ᠦᠨ ᠰᠤᠷᠤᠯᠭ᠎ᠠ ᠶ᠋ᠢ ᠠᠯᠳᠠᠭᠤᠯᠵᠤ ᠪᠣᠯᠬᠤ ᠦᠭᠡᠢ ᠃ ᠺᠣᠮᠫᠠᠨᠢ ᠬᠡᠳᠦᠶᠢᠪᠡᠷ ᠲᠡᠶᠢᠮᠦ ᠴᠢᠨᠡᠭᠡᠯᠢᠭ ᠪᠢᠰᠢ ᠴᠤ ᠪᠦᠬᠦ ᠠᠵᠢᠯᠴᠢᠨ ᠠᠵᠢᠯᠲᠠᠳ ᠤᠨ ᠰᠡᠦᠨᠬᠢᠯ ᠲᠠᠯᠪᠢᠨ ᠬᠦᠴᠦ ᠪᠡᠨ ᠬᠠᠮᠲᠣᠤᠨᠬᠠᠨ ᠠᠷᠪᠢᠯᠠᠬᠰᠠᠨ ᠵᠣᠭᠤᠰ ᠢᠶᠡᠨ ᠶᠠᠳᠠᠭᠤ ᠬᠦᠴᠢᠷᠲᠡᠢ ᠰᠤᠷᠤᠬᠴᠢ ᠶ᠋ᠢ ᠳᠡᠦᠨᠬᠦᠨ ᠶᠡᠬᠡ ᠰᠤᠷᠭᠠᠭᠤᠯᠢ ᠶ᠋ᠢ ᠨᠢ ᠲᠡᠭᠦᠰᠭᠡᠵᠦ ᠂ ᠬᠦᠰᠡᠯ ᠢ ᠨᠢ ᠲᠡᠷᠭᠡᠯᠰᠢᠭᠦᠯᠬᠦ ᠪᠡᠷ ᠴᠢᠷᠮᠠᠶᠢᠨ᠎ᠠ ﹀ ﹀ ᠭᠡᠵᠡᠢ ᠃
      2017 ᠣᠨ ᠤ ᠡᠬᠢᠨ ᠳ᠋ᠦ ᠂ ᠲᠣᠰ ᠺᠣᠮᠫᠠᠨᠢ ᠶ᠋ᠢᠨ ᠬᠢᠨ ᠬᠦᠳᠡᠯᠦᠩᠭᠦᠢ ᠪᠡᠷ ᠨᠠᠢᠮᠠᠨ ᠬᠤᠰᠢᠭᠤᠨ ᠤ ᠨᠢᠭᠦᠯᠡᠰᠦᠩᠭᠦᠢ ᠶ᠋ᠢᠨ ᠶᠡᠷᠦᠩᠬᠡᠢ ᠨᠡᠶᠢᠭᠡᠮᠯᠢᠭ ᠲᠦ ᠶᠠᠳᠠᠭᠤ ᠰᠤᠷᠤᠬᠴᠢ ᠶ᠋ᠢ ᠳᠡᠦᠨᠬᠦᠬᠦ ᠭᠤᠶᠤᠳᠠᠯ ᠢᠶᠡᠨ ᠢᠯᠡᠦᠨᠬᠡᠵᠦ ᠲᠣᠬᠠᠢ ᠶ᠋ᠢᠨ ᠦᠶ᠎ᠡ ᠳ᠋ᠦ 9 ᠶᠠᠳᠠᠭᠤ ᠰᠤᠷᠤᠬᠴᠢ ᠶ᠋ᠢᠨ ᠨᠡᠷᠡᠰ ᠢ ᠥᠭᠴᠡᠢ ᠃ ᠺᠣᠮᠫᠠᠨᠢ ᠶ᠋ᠢᠨ ᠬᠠᠷᠢᠭᠤᠴᠠᠯᠭᠠᠲᠠᠨ ᠵᠠᠩ ᠬᠠᠢ   ᠪᠦᠸ᠋ᠸ ᠣᠯᠠᠨ ᠲᠠᠯ᠎ᠠ ᠪᠠᠷ 9 ᠰᠤᠷᠤᠬᠴᠢ ᠶ᠋ᠢᠨ ᠪᠠᠶᠢᠳᠠᠯ ᠢ ᠤᠶᠢᠯᠠᠭᠠᠵᠤ ᠂ ᠰᠤᠷᠤᠬᠴᠢ ᠶ᠋ᠢᠨ ᠰᠤᠷᠤᠯᠴᠠᠵᠤ ᠪᠠᠶᠢᠭ᠎ᠠ ᠰᠤᠷᠭᠠᠭᠤᠯᠢ ᠵᠢᠴᠢ ᠰᠠᠭᠤᠭ᠎ᠠ ᠲᠣᠰᠬᠤᠨ ᠪᠠ ᠭᠡᠷ ᠦᠨ ᠠᠬᠠᠮᠠᠳ ᠲᠤ ᠬᠠᠪᠰᠤᠷᠤᠨ ᠳᠡᠦᠨᠬᠦᠬᠦ ᠬᠦᠰᠡᠯ ᠢᠶ᠋ᠡᠨ ᠢᠯᠡᠷᠬᠡᠶᠢᠯᠡᠵᠦ ᠂ ᠳᠡᠦᠨᠬᠦᠮᠵᠢ ᠶ᠋ᠢᠨ ᠮᠥᠩᠭᠥ ᠪᠡᠨ ᠰᠤᠷᠤᠬᠴᠢ ᠶ᠋ᠢᠨ ᠭᠠᠷ ᠲᠤ ᠠᠣᠨᠬᠤᠭᠤᠯᠵᠠᠢ ᠃ 2017 ᠣᠨ ᠤ 6 ᠰᠠᠷ᠎ᠠ ᠳ᠋ᠤ ᠂ ᠪᠠᠰᠠ 3 ᠨᠡᠷᠡᠰ ᠶᠠᠳᠠᠭᠤ ᠰᠤᠷᠤᠬᠴᠢ ᠶ᠋ᠢ ᠨᠡᠮᠡᠨ ᠳᠡᠦᠨᠬᠦᠵᠦ ᠂ ᠣᠳᠣᠬᠠᠨ ᠳ᠋ᠤ 12 ᠨᠡᠷᠡᠰ  ᠰᠤᠷᠤᠬᠴᠢ ᠶ᠋ᠢ ᠳᠡᠦᠨᠬᠦᠨ ᠶᠡᠬᠡ ᠰᠤᠷᠭᠠᠭᠤᠯᠢ ᠲᠡᠭᠦᠰᠭᠡᠬᠦ ᠪᠡᠷ ᠴᠢᠷᠮᠠᠶᠢᠵᠤ ᠪᠠᠶᠢᠨ᠎ᠠ ᠃ ᠳᠡᠦᠨᠬᠦᠭᠳᠡᠵᠦ ᠪᠠᠶᠢᠭ᠎ᠠ ᠪᠠᠭ᠎ᠠ ᠰᠤᠷᠭᠠᠭᠤᠯᠢ ᠶ᠋ᠢᠨ ᠰᠤᠷᠤᠬᠴᠢᠤᠨ ᠤᠨ ᠳᠣᠳᠤᠷ᠎ᠠ ᠯᠢ ᠶᠠ ᠵᠢᠩ ᠵᠡᠷᠭᠡ 7 ᠰᠤᠷᠤᠬᠴᠢ ᠂ ᠯᠢ ᠵᠢᠩ ᠵᠡᠷᠭᠡ 3 ᠳᠣᠮᠳᠠᠳᠤ ᠰᠤᠷᠭᠠᠭᠤᠯᠢ ᠶ᠋ᠢᠨ ᠰᠤᠷᠤᠬᠴᠢ ᠪᠠ ᠵᠠᠩ ᠬᠤᠸᠠ ᠢᠦᠢ  ᠵᠡᠷᠭᠡ 2 ᠶᠡᠬᠡ ᠰᠤᠷᠭᠠᠭᠤᠯᠢ ᠶ᠋ᠢᠨ ᠰᠤᠷᠤᠬᠴᠢ     ᠪᠤᠢ ᠃

                  ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ