ᠪᠠᠶᠠᠨ ᠬᠠᠩᠭᠠᠢ ᠺᠣᠮᠫᠠᠨᠢ ᠬᠢᠭᠡᠦᠨ ᠪᠠᠢ ᠰᠢᠦ ᠾᠢ ᠳᠠᠭᠠᠭᠠᠮᠠᠯ

ᠣᠩᠰᠢᠭᠰᠠᠨ ᠤᠳᠠᠭ᠎ᠠ ᠄ 6053     ᠨᠡᠶᠢᠳᠡᠯᠡᠭᠰᠡᠨ ᠴᠠᠭ ᠄ 2018/11/6 9:02:21

      ᠨᠠᠢᠮᠠᠨ ᠬᠤᠰᠢᠭᠤᠨ ᠤ  ᠳᠠᠴᠢᠨᠲᠠᠯ᠎ᠠ ᠪᠠᠯᠭᠠᠰᠤᠨ ᠳ᠋ᠤ ᠨᠤᠳᠤᠬᠰᠢᠭ᠎ᠠ ︿ ︿ ᠥᠪᠥᠷ ᠮᠤᠩᠭᠤᠯ ᠤᠨ ᠪᠠᠶᠠᠨ ᠬᠠᠩᠭᠠᠢ ᠢᠳᠡᠭᠡᠨ ᠦ ᠬᠢᠵᠠᠭᠠᠷᠳᠤ ᠺᠣᠮᠫᠠᠨᠢ ﹀ ﹀ ᠶ᠋ᠢᠨ ᠡᠵᠡᠯᠡᠵᠦ ᠪᠦᠬᠦᠢ ᠲᠠᠯᠠᠪᠠᠢ 10000 ᠲᠡᠭᠰᠢ ᠲᠥᠷᠪᠡᠯᠵᠢᠨ ᠮᠸᠲ᠋ᠷ ᠲᠦ ᠬᠦᠷᠴᠦ ᠂ ᠤᠶᠢᠯᠡᠦᠨᠪᠦᠷᠢᠯᠡᠯ ᠤᠨ ᠬᠡᠪᠴᠢᠶ᠎ᠡ ᠨᠢ ᠥᠷᠭᠡᠵᠢᠨ ᠤᠶᠢᠯᠡᠦᠨᠬᠦᠨ ᠤ ᠴᠢᠨᠠᠷ ᠨᠢ ᠳᠡᠭᠡᠭᠰᠢᠯᠡᠵᠦ ᠂ ᠪᠣᠷᠤᠯᠠᠭᠤᠯᠤᠯᠲᠠ ᠶ᠋ᠢᠨ ᠵᠠᠮ ᠨᠢ ᠲᠡᠯᠡᠵᠦ ᠂ ᠣᠳᠣᠬᠠᠨ ᠳ᠋ᠤ ᠤᠯᠤᠰ ᠤᠨ ᠳᠣᠳᠤᠭᠠᠳᠤ ᠶ᠋ᠢᠨ ᠣᠯᠠᠨ ᠭᠠᠵᠠᠷ ᠪᠠ ᠣᠷᠣᠰ ᠂ ᠮᠤᠩᠭᠤᠯ ᠂ ᠺᠣᠷᠢᠶᠠ ᠂ ᠶᠠᠫᠤᠨ ᠵᠡᠷᠭᠡ ᠤᠯᠤᠰ ᠣᠷᠣᠨ ᠳ᠋ᠤ ᠪᠣᠷᠤᠯᠠᠭᠤᠯᠤᠬᠳᠠᠨ ᠠᠵᠤ ᠠᠬᠤᠢ ᠶ᠋ᠢᠨ ᠦᠷ᠎ᠡ ᠠᠰᠢᠭ ᠶᠠᠭ ᠯᠠ ᠡᠭᠡᠷᠡᠮ᠎ᠡ ᠲᠠᠯ᠎ᠠ ᠶ᠋ᠢᠨ ᠣᠯᠠᠨ ᠴᠡᠴᠡᠭ ᠨᠦᠭᠥᠳ ᠲᠡᠯᠭᠡᠷᠡᠬᠦ ᠰᠢᠭ ᠢᠶ᠋ᠡᠷ ᠵᠠᠯᠭ᠎ᠠ ᠵᠠᠯᠭᠠᠪᠡᠷ ᠳᠡᠭᠡᠭᠰᠢᠯᠡᠵᠦ ᠪᠠᠶᠢᠨ᠎ᠠ ᠃
      ᠺᠣᠮᠫᠠᠨᠢ ᠶ᠋ᠢᠨ ᠬᠥᠭᠵᠢᠯᠲᠡ ᠨᠢ ᠶᠠᠳᠠᠭᠤ ᠬᠦᠴᠢᠷᠳᠡᠯᠲᠡᠢ ᠶ᠋ᠢ ᠳᠡᠦᠨᠬᠦᠨ ᠬᠠᠶᠢᠷ᠎ᠠ ᠬᠠᠯᠠᠮᠵᠢ ᠬᠦᠷᠭᠡᠬᠦ ᠳ᠋ᠦ ᠨᠦᠭᠦᠴᠡᠯ ᠪᠦᠷᠢᠯᠳᠦᠭᠦᠯᠦᠨ ᠥᠭᠴᠡᠢ ᠃ ᠲᠣᠰ ᠺᠣᠮᠫᠠᠨᠢ ᠶ᠋ᠢᠨ ᠠᠵᠢᠯᠲᠠᠳ ᠤᠨ ᠤᠯᠠᠩᠬᠢ ᠨᠢ ᠠᠵᠢᠯ ᠤᠨ ᠪᠠᠶᠢᠷᠢ ᠡᠴᠠ ᠪᠠᠭᠤᠬᠰᠠᠣᠨ ᠪᠣᠯᠣᠨ ᠶᠠᠳᠠᠭᠤ ᠬᠦᠴᠢᠷᠲᠡᠢ ᠮᠠᠯᠴᠢᠨ ᠲᠠᠷᠢᠶᠠᠴᠢᠨ ᠪᠣᠯᠤᠨ᠎ᠠ ᠃ ᠺᠣᠮᠫᠠᠨᠢ ᠡᠴᠠ ᠤᠷᠢᠳ ᠬᠣᠵᠢᠳ 22 ᠬᠦᠴᠢᠷᠳᠡᠯᠲᠡᠢ ᠠᠵᠢᠯᠲᠠᠨ ᠳ᠋ᠤ ᠰᠠᠭᠤᠬᠤ ᠠᠰᠠᠷ ᠭᠡᠷ ᠢ ᠨᠢ ᠰᠢᠢᠦᠨᠪᠦᠷᠢᠯᠡᠨ ᠥᠭᠴᠡᠢ ᠃ 2008 ᠣᠨ ᠤ ᠸᠸᠨ ᠴᠤᠸᠠᠨ ᠤ ᠭᠠᠵᠠᠷ ᠬᠦᠳᠡᠯᠦᠯᠲᠡ ᠳ᠋ᠦ ᠲᠣᠬᠠᠢ ᠶ᠋ᠢᠨ ᠦᠶ᠎ᠡ ᠶ᠋ᠢᠨ ᠠᠵᠤ ᠠᠬᠤᠢ ᠶ᠋ᠢᠨ  ᠣᠷᠤᠯᠭ᠎ᠠ ᠲᠡᠮᠡᠢ ᠰᠠᠶᠢᠨ ᠪᠢᠰᠢ ᠨᠥᠭᠦᠴᠡᠯ ᠳᠣᠤᠷ᠎ᠠ ᠬᠠᠶᠢᠷ᠎ᠠ ᠰᠡᠦᠨᠬᠢᠯᠭᠡ ᠪᠡᠨ ᠢᠯᠡᠦᠨᠬᠡᠨ ᠲᠦᠮᠡᠨ ᠲᠥᠭᠦᠷᠢᠭ ᠬᠠᠨᠲᠢᠪᠯᠠᠵᠠᠢ ᠃ ᠳᠠᠴᠢᠨᠲᠠᠯ᠎ᠠ ᠪᠠᠯᠭᠠᠰᠤ ︿ ︿ ᠬᠠᠶᠢᠷ᠎ᠠ ᠬᠠᠯᠠᠮᠵᠢᠳᠤ ᠥᠷᠦᠭᠡ ﹀ ﹀ ᠪᠠᠶᠢᠭᠤᠯᠬᠤ ᠳ᠋ᠤ ᠬᠠᠮᠤᠭ ᠤᠷᠢᠳᠠᠪᠠᠷ ᠵᠠᠪᠳᠤᠨ 500 ᠵᠢᠩ ᠭᠤᠯᠢᠷ ᠳᠣᠳᠤᠷᠭ᠎ᠠ 2000 ᠲᠥᠭᠦᠷᠢᠭ ᠬᠦᠷᠭᠡᠵᠡᠢ ᠃ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ ᠶ᠋ᠢᠨ ᠠᠮᠢᠳᠤᠷᠠᠯ ᠨᠢ ᠬᠦᠴᠢᠷᠲᠡᠢ 4 ᠰᠤᠷᠤᠬᠴᠢ ᠶ᠋ᠢ ᠵᠢᠯ ᠵᠢᠯ ᠬᠠᠪᠰᠤᠷᠤᠨ ᠰᠤᠷᠤᠯᠭ᠎ᠠ ᠶ᠋ᠢ ᠨᠢ ᠳᠡᠦᠨᠬᠦᠪᠡ ᠃ 2013 ᠣᠨ  ᠳ᠋ᠤ 5 ᠲᠦᠮᠡᠨ ᠲᠥᠭᠦᠷᠢᠭ ᠭᠠᠷᠭᠠᠨ ︿ ︿ ᠪᠠᠶᠠᠨ ᠬᠠᠩᠭᠠᠢ ᠬᠣᠨᠳᠠᠭᠠᠳᠤ ﹀ ﹀ ᠨᠠᠢᠮᠠᠨ ᠬᠤᠰᠢᠭᠤᠨ ᠤ ᠮᠤᠩᠭᠤᠯ ᠳᠠᠭᠣᠤ ᠶ᠋ᠢᠨ ᠤᠷᠤᠯᠳᠤᠭᠠᠨ ᠢ ᠵᠣᠬᠢᠶᠠᠨ ᠪᠠᠶᠢᠭᠤᠯᠤᠨ ᠶᠠᠪᠤᠭᠤᠯᠵᠤ ᠨᠡᠶᠢᠭᠡᠮ ᠳ᠋ᠦ ᠰᠠᠶᠢᠨ ᠰᠠᠶᠢᠬᠠᠨ ᠳᠤᠰᠬᠠᠯ  ᠭᠠᠷᠭᠠᠵᠤ ᠵᠥᠪ ᠡᠨ᠋ᠸᠷᠭᠢ ᠶ᠋ᠢ ᠣᠯᠠᠮᠵᠢᠯᠠᠬᠤ ᠳ᠋ᠤ ᠵᠢᠱᠢᠶᠡᠴᠢ ᠤᠶᠢᠯᠡᠳᠦᠯ ᠦᠵᠡᠭᠦᠯᠪᠡ ᠃ ᠨᠠᠢᠮᠠᠨ ᠬᠤᠰᠢᠭᠤᠨ ᠤ ᠦᠨᠳᠦᠰᠦᠲᠡᠨ ᠱᠠᠰᠢᠨ ᠰᠤᠷᠲᠠᠬᠤᠨ ᠤ ᠲᠣᠪᠴᠢᠶ᠎ᠠ ᠵᠢᠴᠢ ᠪᠦᠬᠦ ᠤᠯᠤᠰ ᠤᠨ ᠮᠠᠰᠢᠨ  ᠲᠡᠷᠭᠡᠨ ᠦ ᠲᠡᠰᠭᠡᠯ ᠤᠷᠤᠯᠳᠤᠭᠠᠨ ᠤ ᠨᠠᠢᠮᠠᠨ ᠤ ᠤᠷᠤᠯᠳᠤᠭᠠᠨ ᠤ ᠲᠣᠭᠤᠷᠢᠭ ᠵᠡᠷᠭᠡ ᠳ᠋ᠦ 60 ᠭᠠᠷᠤᠢ ᠲᠦᠮᠡᠨ ᠲᠥᠭᠦᠷᠢᠭ ᠬᠠᠨᠲᠢᠪᠯᠠᠵᠤ ᠪᠤᠢ ᠃ ᠪᠠᠰᠠ ᠪᠠᠶᠠᠨᠲᠠᠯ᠎ᠠ ᠰᠤᠮᠤ ᠶ᠋ᠢᠨ ᠶᠠᠳᠠᠭᠤ ᠭᠠᠴᠠᠭ᠎ᠠ ᠮᠠᠨᠳᠤᠭᠤᠯᠬᠤ ᠳ᠋ᠤ ᠤᠷᠢᠳ ᠬᠣᠵᠢᠳ 30 ᠲᠦᠮᠡᠨ ᠲᠥᠭᠦᠷᠢᠭ ᠳᠤᠰᠠᠯᠠᠵᠤ ᠂ ᠰᠠᠭᠤᠷᠢ ᠲᠥᠭᠦᠭᠡᠷᠦᠮᠵᠢ ᠶ᠋ᠢᠨ ᠪᠦᠳᠦᠭᠡᠨ ᠪᠠᠶᠢᠭᠤᠯᠤᠯᠲᠠ ᠳ᠋ᠤ ᠵᠠᠷᠤᠴᠠᠭᠤᠯᠵᠠᠢ ᠃ ᠲᠣᠰᠬᠤᠨ ᠤ ᠵᠠᠩ ᠬᠤᠤ ᠷᠡᠨ ᠂ ᠬᠣᠩᠬᠤᠷᠵᠤᠯᠠ ᠵᠡᠷᠭᠡ 10 ᠶᠠᠳᠠᠭᠤ ᠬᠦᠴᠢᠷᠲᠡᠢ ᠰᠤᠷᠤᠬᠴᠢ  ᠶ᠋ᠢ ᠵᠢᠯ ᠪᠦᠷᠢ 2500 ᠳᠥᠭᠦᠷᠢᠭ ᠢᠶᠠᠷ ᠬᠠᠪᠰᠤᠷᠴᠤ ᠰᠤᠷᠤᠯᠭ᠎ᠠ ᠶ᠋ᠢ ᠨᠢ ᠲᠡᠭᠦᠰᠬᠡᠵᠡᠢ ᠃ ᠲᠣᠰᠬᠤᠨ ᠤ ᠯᠢ ᠭᠦᠸᠸ ᠬᠤᠸᠠ ᠂ ᠯᠢᠦ  ᠭᠦᠸ᠋ᠸ ᠷᠦᠩ ᠵᠡᠷᠭᠡ 20 ᠶᠠᠳᠠᠭᠤ ᠡᠷᠦᠬᠡ ᠳ᠋ᠦ ᠵᠢᠯ ᠪᠦᠷᠢ ᠶ᠋ᠢᠨ ᠴᠠᠭᠠᠯᠠᠬᠤ ᠳ᠋ᠤ ᠡᠳ᠋ ᠪᠣᠳᠠᠰ ᠬᠦᠷᠭᠡᠨ ᠲᠣᠬᠣᠨᠢᠭᠤᠯᠵᠤ ᠵᠣᠷᠢᠭ ᠢ ᠨᠢ ᠬᠥᠪᠴᠢᠯᠡᠨ ᠡᠷᠴᠢ ᠶ᠋ᠢ ᠨᠢ ᠴᠢᠩᠭᠠᠯᠠᠳᠠᠭ ᠪᠠᠶᠢᠪᠠ ᠃ 2013 ᠣᠨ ᠳ᠋ᠤ 8000 ᠲᠥᠭᠦᠷᠢᠭ ᠭᠠᠷᠭᠠᠨ ᠲᠣᠰ ᠲᠣᠰᠬᠤᠨ ᠳ᠋ᠤ ᠰᠢᠨ᠎ᠡ ᠵᠢᠯ ᠦᠨ ᠤᠷᠠᠨ ᠰᠠᠶᠢᠬᠠᠨ ᠤ ᠦᠳᠡᠰᠢᠯᠡᠭᠡ ᠭᠠᠷᠭᠠᠵᠤ ᠂ ᠡᠶ᠎ᠡ ᠵᠣᠬᠢᠴᠠᠯ ᠪᠦᠯᠭᠦᠮᠳᠡᠯ ᠲᠠᠢ ᠡᠳᠥᠷ ᠡᠳᠥᠷ ᠥᠭᠡᠳᠡᠯᠡᠬᠦ ᠶ᠋ᠢ ᠪᠡᠯᠭᠡᠳᠡᠵᠦ ᠂ ᠭᠠᠴᠠᠭᠠᠨ  ᠡᠴᠠ ︿ ︿ ᠪᠣᠷᠤᠭᠠᠨ ᠬᠤᠷ᠎ᠠ ᠡᠯᠡᠰᠦ ᠮᠠᠩᠬᠠᠨ ᠤ ᠡᠬᠡ ᠭᠠᠵᠠᠷ ᠢ ᠤᠮᠳᠠᠯᠠᠵᠤ ᠂ ᠪᠠᠶᠠᠨ ᠬᠠᠩᠭᠠᠢ ᠶ᠋ᠢᠨ ᠬᠠᠶᠢᠷ᠎ᠠ ᠪᠢᠳᠡᠨᠦᠰ ᠦᠨ ᠰᠡᠦᠨᠬᠢᠯ ᠢ ᠳᠣᠯᠠᠭᠠᠴᠠᠭᠤᠯᠤᠨᠠᠮ ﹀ ﹀ ᠭᠡᠰᠡᠨ ᠪᠢᠴᠢᠭᠡᠰᠦ ᠲᠠᠢ ᠬᠡᠮᠡᠷᠯᠢᠭ ᠲᠣᠭ  ᠬᠦᠷᠭᠡᠵᠡᠢ ᠃
      ᠲᠣᠰ ᠺᠣᠮᠫᠠᠨᠢ ᠶ᠋ᠢᠨ ᠤᠶᠢᠯᠡᠦᠨᠬᠦᠨ ᠣᠯᠠᠨ ᠤᠳᠠᠭ᠎ᠠ ᠠᠯᠲᠠᠨ ᠮᠸᠲᠡᠯ ᠬᠦᠷᠲᠡᠵᠦ ᠪᠤᠢ ᠃ ᠡᠭᠦᠨ ᠳ᠋ᠦ ᠮᠤᠩᠭᠤᠯ ᠬᠣᠭᠣᠯᠠ ︿ ︿ ᠥᠪᠥᠷ ᠮᠤᠩᠭᠤᠯ ᠤᠨ ᠥᠪᠡᠷᠲᠡᠭᠡᠨ ᠵᠠᠰᠠᠬᠤ ᠣᠷᠣᠨ ᠤ ᠮᠤᠩᠭᠤᠯ ᠬᠣᠭᠣᠯᠠᠨ ᠤ ᠠᠯᠲᠠᠨ ᠮᠸᠲᠡᠯ ﹀ ﹀ ᠪᠣᠯᠣᠨ ︿ ︿ ᠳᠣᠮᠳᠠᠳᠤ ᠤᠯᠤᠰ ᠠᠩᠬᠠᠳᠤᠭᠠᠷ ᠬᠣᠭᠣᠴᠠᠭᠠᠨ ᠤ ᠬᠣᠷᠴᠢᠨ ᠣᠯᠠᠨ ᠤᠯᠤᠰ ᠤᠨ ᠠᠮᠲᠠᠳᠤ ᠢᠳᠡᠭᠡᠨ ᠦ ᠪᠦᠯᠭᠦᠮ ᠦᠨ ᠤᠷᠤᠯᠳᠤᠭᠠᠨ ᠤ ᠠᠯᠲᠠᠨ ᠮᠸᠲᠡᠯ ﹀ ﹀ ᠶ᠋ᠢ ᠬᠦᠷᠲᠡᠪᠡ ᠃  ᠴᠣᠭ ᠲᠤ ᠰᠢᠷᠠᠬᠰᠠᠨ ᠦᠬᠡᠷ ᠦᠨ ᠮᠢᠬᠠᠨ ᠪᠣᠷᠴᠠ ᠨᠢ ︿ ︿ ᠳᠣᠮᠳᠠᠳᠤ ᠣᠷᠣᠰ ᠮᠤᠩᠭᠤᠯ ᠣᠯᠠᠨ ᠤᠯᠤᠰ ᠤᠨ ᠠᠮᠲᠠᠳᠤ ᠢᠳᠡᠭᠡᠨ ᠦ ᠨᠠᠶᠢᠷ ᠤᠨ ᠠᠯᠲᠠᠨ ᠮᠸᠲᠡᠯ ﹀ ﹀  ᠭᠠᠷᠳᠠᠵᠠᠢ ᠃ ᠡᠨᠡ ᠪᠣᠯ ᠴᠦᠮ ᠺᠣᠮᠫᠠᠨᠢ ᠶ᠋ᠢᠨ ᠬᠡᠷᠡᠭ ᠮᠡᠳᠡᠭᠴᠢᠳ ᠦᠨ ᠳᠠᠷᠤᠭ᠎ᠠ ᠶᠡᠷᠦᠩᠬᠡᠢ ᠳᠠᠭᠠᠭᠠᠮᠠᠯ ᠪᠠᠢ ᠰᠢᠦ ᠾᠢ ᠬᠥᠭᠰᠢᠨ ᠨᠠᠰᠤᠲᠠᠨ ᠤ ᠤᠷᠳᠤ ᠬᠣᠭᠣᠴᠠᠭᠠᠨ ᠤ ᠤᠶᠤᠨ ᠤᠬᠠᠭᠠᠨ  ᠬᠦᠴᠦ ᠲᠠᠮᠢᠷ ᠤᠨ ᠬᠢᠨ ᠥᠷᠡᠭᠳᠡᠯ ᠰᠦᠢᠳᠦᠯ ᠦᠨ ᠦᠷ᠎ᠡ ᠪᠦᠳᠦᠮᠵᠢ ᠪᠠᠶᠢᠭ᠎ᠠ ᠶᠤᠮ ᠃ ᠪᠠᠢ ᠰᠢᠦ ᠾᠢ  ᠴᠤ  ᠡᠯ᠎ᠡ ᠱᠠᠳᠤᠨ ᠤ ᠬᠥᠬᠢᠭᠦᠯᠦᠯ ᠰᠠᠶᠢᠰᠢᠶᠠᠯ ᠢ ᠣᠯᠠᠨ ᠤᠳᠠᠭ᠎ᠠ ᠬᠦᠷᠲᠡᠵᠦ ᠣᠮᠣᠭ ᠪᠠᠳᠠᠷᠠᠩᠭᠤᠢ ᠠᠵᠢᠯᠯᠠᠵᠤ ᠶᠠᠪᠤᠨ᠎ᠠ ᠃

                                                  ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ