ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠨ ᠰᠠᠶᠢᠨ ᠰᠠᠶᠢᠬᠠᠨ ᠠᠮᠢᠳᠤᠷᠠᠯ ᠢᠶᠡᠨ ᠴᠣᠬᠴᠠᠯᠠᠶ᠎ᠠ

ᠣᠩᠰᠢᠭᠰᠠᠨ ᠤᠳᠠᠭ᠎ᠠ ᠄ 1557     ᠨᠡᠶᠢᠳᠡᠯᠡᠭᠰᠡᠨ ᠴᠠᠭ ᠄ 2018/11/5 9:10:40

       ︿ ︿ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ﹀ ﹀ ᠪᠣᠯ ᠰᠢ ᠵᠢᠨ ᠫᠢᠩ ᠶᠡᠷᠦᠩᠬᠡᠢ ᠱᠦᠵᠢ ᠶ᠋ᠢᠨ ᠵᠢᠭᠠᠪᠤᠷᠢ  ᠂ ᠰᠢᠨ᠎ᠡ ᠴᠠᠭ ᠦᠶ᠎ᠡ ᠶ᠋ᠢᠨ ᠤᠷᠢᠶ᠎ᠠ ᠪᠠᠶᠢᠭ᠎ᠠ ᠶᠤᠮ ᠃ ᠡᠨᠡ ᠨᠢ ᠦᠨᠳᠦᠰᠦᠲᠡᠨ ᠦ ᠪᠦᠯᠭᠦᠮᠳᠡᠯ ᠪᠠ ᠬᠢᠯᠢ ᠬᠢᠵᠠᠭᠠᠷ ᠤᠨ ᠠᠮᠤᠷ ᠳᠣᠬᠲᠠᠭᠤᠨ ᠢ ᠯᠠᠪᠳᠠᠭᠤᠨ ᠪᠠᠳᠤᠲᠠᠢ ᠠᠬᠢᠭᠤᠯᠬᠤ ᠨᠡᠶᠢᠲᠡ ᠶ᠋ᠢᠨ ᠠᠰᠠᠷᠠᠮᠵᠢ ᠶ᠋ᠢᠨ  ᠵᠠᠷ ᠪᠣᠯᠵᠤ ᠂ ᠠᠶᠠᠨ ᠵᠠᠮ ᠤᠨ ᠬᠠᠵᠠᠭᠤ ᠳ᠋ᠤ ᠡᠯᠭᠦᠭᠳᠡᠨ  ᠂ ᠠᠰᠠᠷ ᠲᠠᠬᠳᠤ ᠶ᠋ᠢᠨ ᠬᠠᠨ᠎ᠠ ᠳ᠋ᠤ ᠪᠢᠴᠢᠭᠳᠡᠨ ᠂ ᠬᠠ ᠶᠠ ᠦᠭᠡᠢ ᠬᠠᠷᠠᠬᠳᠠᠨ ᠤᠩᠰᠢᠬᠳᠠᠵᠤ ᠬᠦᠮᠦᠵᠢᠯ ᠬᠦᠷᠲᠡᠭᠡᠨ ᠬᠦᠰᠡᠯ ᠢ ᠳᠣᠳᠤᠷᠠᠭᠤᠯᠵᠤ ᠬᠥᠭᠵᠢᠯ ᠤᠷᠠᠶᠢᠯᠠᠨ ᠬᠥᠭᠰᠡᠯ ᠲᠥᠷᠦᠭᠦᠯᠦᠨ᠎ᠡ ᠃ ᠪᠣᠳᠤᠬᠤᠶ᠎ᠠ ᠡᠨᠡ ᠬᠦ ︿ ︿ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ﹀ ﹀ ᠳᠥᠷᠪᠡᠨ ᠦᠭᠡ ᠨᠢ ᠭᠤᠷᠪᠠᠨ ᠣᠤᠨᠬ᠎ᠠ ᠶ᠋ᠢ ᠪᠠᠬᠲᠠᠭᠠᠵᠤ    ︿ ︿ ᠰᠠᠬᠢᠬᠤ ᠂ ᠪᠠᠷᠠᠯᠠᠬᠤ ᠂ ᠬᠠᠪᠰᠤᠷᠤᠯᠴᠠᠬᠤ ﹀ ﹀ ᠶ᠋ᠢ ᠰᠠᠨᠠᠭᠤᠯᠤᠨ ᠵᠢᠭᠠᠪᠤᠷᠢᠯᠠᠵᠤ ᠵᠢᠯᠤᠭᠤᠳᠤᠨ ᠤᠷᠢᠶᠠᠯᠠᠬᠰᠠᠨ ᠪᠠᠶᠢᠳᠠᠭ ᠃
      ᠰᠠᠬᠢᠬᠤ ᠨᠢ ᠳᠠᠷᠤᠢ ᠨᠤᠲᠤᠭ ᠤᠰᠤ ᠪᠠᠨ ᠰᠠᠶᠢᠳᠤᠷ ᠰᠠᠬᠢᠬᠤ ᠂ ᠡᠬᠡ ᠤᠯᠤᠰ ᠤᠨ ᠬᠢᠯᠢ ᠬᠢᠵᠠᠭᠠᠷ ᠢ ᠰᠠᠶᠢᠳᠤᠷ ᠰᠠᠬᠢᠬᠤ ᠂ ᠪᠦᠬᠦ ᠣᠷᠣᠨ ᠤ ᠦᠨᠳᠦᠰᠦᠲᠡᠨ ᠨᠦᠭᠥᠳ ᠦᠨ ᠤᠶᠤᠨ ᠰᠠᠨᠠᠭᠠᠨ ᠤ ᠦᠵᠡᠰᠭᠦᠯᠡᠩᠳᠦ ᠰᠠᠶᠢᠬᠠᠨ ᠭᠡᠷ ᠣᠷᠣᠨ ᠢ ᠰᠠᠶᠢᠳᠤᠷ ᠰᠠᠬᠢᠬᠤ ᠶ᠋ᠢ  ᠵᠢᠭᠠᠵᠤ ᠪᠤᠢ ᠃
ᠪᠠᠷᠠᠯᠠᠬᠤ ᠨᠢ ᠳᠠᠷᠤᠢ ᠦᠨᠳᠦᠷ ᠲᠦ ᠵᠣᠬᠰᠤᠨ ᠠᠯᠤᠰ ᠢ ᠪᠠᠷᠠᠯᠠᠬᠤ ᠂ ᠤᠶᠢᠯᠡᠰ ᠢᠶᠡᠨ ᠲᠥᠯᠦᠪᠵᠢᠭᠦᠯᠦᠨ ᠬᠥᠭᠵᠢᠯᠲᠡ ᠶ᠋ᠢ ᠰᠥᠪᠡᠭᠴᠢᠯᠡᠬᠦ ᠳ᠋ᠡᠬᠡᠨ ᠲᠣᠰ ᠭᠠᠵᠠᠷ ᠡᠴᠠ ᠪᠠᠨ ᠳᠠᠪᠠᠬᠤ ᠂ ᠪᠠᠶᠢᠭᠠᠯᠢ ᠶ᠋ᠢᠨ ᠨᠥᠭᠦᠴᠡᠯ ᠦᠨ ᠬᠢᠵᠠᠭᠠᠷᠯᠠᠯ ᠢ ᠳᠠᠪᠠᠬᠤ ᠂ ᠥᠪᠥᠷ ᠮᠤᠩᠭᠤᠯ ᠡᠴᠠ ᠪᠠᠨ ᠳᠠᠪᠠᠬᠤ ᠂ ᠳᠡᠯᠡᠬᠡᠢ ᠶ᠋ᠢ ᠦᠵᠡᠬᠦ ᠥᠷᠭᠡᠨ ᠬᠠᠷᠠᠭ᠎ᠠ ᠲᠠᠢ ᠂ ᠶᠡᠬᠡ ᠲᠠᠯ᠎ᠠ ᠶ᠋ᠢ ᠪᠣᠳᠤᠯᠬᠢᠯᠠᠬᠤ ᠤᠬᠠᠮᠰᠠᠷ ᠲᠠᠢ ᠪᠠᠶᠢᠬᠤ ᠶ᠋ᠢ ᠵᠢᠭᠠᠵᠤ  ᠪᠤᠢ ᠃
      ᠬᠠᠷᠢᠯᠴᠠᠨ ᠬᠠᠪᠰᠤᠷᠤᠯᠴᠠᠬᠤ ᠨᠢ ᠳᠠᠷᠤᠢ ᠦᠨᠳᠦᠰᠦᠲᠡᠨ ᠨᠦᠭᠥᠳ ᠦᠨ ᠺᠠᠳ᠋ᠷ ᠣᠯᠠᠨ ᠲᠦᠮᠡᠨ ᠡᠷᠬᠡ ᠲᠡᠭᠰᠢ ᠪᠦᠯᠭᠦᠮᠳᠡᠯ ᠲᠠᠢ ᠬᠠᠷᠢᠯᠴᠠᠨ ᠬᠠᠪᠰᠤᠷᠤᠯᠴᠠᠬᠤ ᠡᠶ᠎ᠡ ᠵᠣᠬᠢᠴᠠᠩᠭᠤᠢ ᠪᠠᠶᠢᠬᠤ ᠦᠵᠡᠯ ᠰᠠᠨᠠᠭ᠎ᠠ ᠶ᠋ᠢ ᠪᠠᠳᠦ ᠪᠡᠬᠢ ᠪᠤᠢ ᠪᠣᠯᠭᠠᠵᠤ ᠂ ᠦᠨᠳᠦᠰᠦᠲᠡᠨ ᠨᠦᠭᠥᠳ ᠦᠨ ᠠᠷᠠᠳ ᠲᠦᠮᠡᠨ ᠴᠢᠩᠭ᠎ᠠ ᠨᠢᠬᠲᠠᠷᠠᠵᠤ ᠂ ᠡᠬᠡ ᠤᠯᠤᠰ ᠤᠨ ᠬᠢᠯᠢ ᠬᠢᠵᠠᠭᠠᠷ ᠢ ᠬᠠᠮᠳᠤ ᠪᠠᠷ ᠰᠠᠬᠢᠨ ᠬᠠᠮᠠᠭᠠᠯᠠᠵᠤ ᠂ ᠰᠠᠶᠢᠨ ᠰᠠᠶᠢᠬᠠᠨ ᠠᠮᠢᠳᠤᠷᠠᠯ ᠢᠶᠡᠨ ᠬᠠᠮᠳᠤ ᠪᠠᠷ ᠴᠣᠬᠴᠠᠯᠠᠬᠤ ᠶ᠋ᠢ ᠵᠢᠭᠠᠵᠤ  ᠪᠤᠢ ᠃
      ᠪᠢᠲᠡᠨᠦᠰ ᠪᠦᠭᠦᠳᠡᠭᠡᠷ ᠨᠠᠮ ᠤᠨ ᠤᠷᠢᠶ᠎ᠠ ᠵᠢᠭᠠᠪᠤᠷᠢ ᠶ᠋ᠢ ᠡᠷᠡᠰ ᠴᠣᠤᠷᠢᠶᠠᠳᠤᠨ ᠂ ᠦᠨᠳᠦᠰᠦᠲᠡᠨ ᠦ ᠪᠦᠯᠭᠦᠮᠳᠡᠯ ᠳᠠᠪᠰᠢᠯᠲᠠ ᠶ᠋ᠢᠨ ᠲᠣᠭ ᠢ ᠥᠨᠳᠦᠷ ᠮᠠᠨᠳᠤᠭᠤᠯᠵᠤ ᠂ ᠰᠢᠨ᠎ᠡ ᠴᠠᠭ ᠦᠶ᠎ᠡ ᠶ᠋ᠢᠨ ᠵᠣᠯ ᠵᠢᠷᠭᠠᠯᠳᠤ ᠰᠠᠶᠢᠨ ᠰᠠᠶᠢᠬᠠᠨ ᠪᠠᠶᠠᠨ ᠴᠢᠨᠡᠭᠡᠯᠢᠭ ᠠᠮᠢᠳᠤᠷᠠᠯ ᠢᠶᠡᠨ ᠬᠠᠮᠳᠤ ᠪᠠᠷ ᠴᠣᠬᠴᠠᠯᠠᠶ᠎ᠠ ︕
 
                                   ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ