︿ ︿ ᠬᠠᠩᠭᠠᠢ ﹀ ﹀ ᠭᠡᠰᠡᠨ ᠦᠭᠡ
ᠬᠠᠯᠠᠭᠤᠨ ᠳᠤᠯᠠᠭᠠᠨ ᠰᠡᠦᠨᠬᠢᠯᠭᠡ ᠲᠠᠢ
ᠬᠣᠪᠢᠯᠵᠤ ᠤᠯᠠᠷᠢᠬᠤ ᠣᠪᠢᠳᠠᠰ ᠲᠠᠢ
ᠬᠠᠴᠢᠨ ᠦᠭᠡ ᠪᠠᠶᠢᠭ᠎ᠠ ᠶᠤᠮ
ᠦᠭᠡᠰ ᠦᠨ ᠠᠶᠢᠮᠠᠭ ᠤᠨ ᠳᠣᠳᠤᠷ᠎ᠠ
ᠬᠣᠶᠠᠷ ᠲᠥᠷᠥᠯ ᠳ᠋ᠦ ᠣᠷᠤᠳᠠᠭ ᠶᠤᠮ
ᠣᠤᠨᠬ᠎ᠠ ᠰᠠᠨᠠᠭ᠎ᠠ ᠶ᠋ᠢᠨ ᠬᠤᠪᠢ ᠳ᠋ᠤ
ᠬᠣᠶᠠᠷ ᠲᠤᠶᠢᠯ ᠳ᠋ᠤ ᠣᠷᠤᠰᠢᠳᠠᠭ
ᠬᠣᠭᠤᠰᠤᠨ ᠪᠠᠶᠠᠨ ᠤᠣᠨᠬ᠎ᠠ ᠲᠠᠢ
ᠲᠡᠮᠳᠡᠭ ᠦᠭᠡ ᠪᠡᠷ ᠴᠤ ᠢᠯᠡᠷᠡᠳᠡᠭ
ᠬᠠᠩᠭᠠᠢ ᠨᠡᠷᠡᠮᠵᠢᠳᠦ ᠠᠭᠤᠯᠠ ᠪᠣᠯᠵᠤ
ᠬᠠᠶᠠ ᠨᠡᠷ᠎ᠡ ᠦᠭᠡ ᠪᠡᠷ ᠶᠠᠷᠢᠬᠳᠠᠳᠠᠭ
ᠶᠠᠰᠤᠨ ᠫᠠᠢ ᠶ᠋ᠢᠨ ᠶᠡᠬᠡ ᠨᠥᠬᠡᠳᠦ ᠶ᠋ᠢ(大天)
ᠬᠠᠩᠭᠠᠢ ᠭᠡᠵᠦ ᠨᠡᠷᠡᠯᠡᠳᠡᠭ
ᠰᠢᠲᠠᠷ᠎ᠠ ᠶ᠋ᠢᠨ ᠳᠣᠳᠤᠷᠠᠬᠢ ᠲᠡᠷᠭᠡ ᠶ᠋ᠢ(车)
ᠬᠠᠩᠭᠠᠢ ᠬᠡᠮᠡᠨ ᠳᠠᠭᠤᠳᠠᠳᠠᠭ
ᠬᠠᠩᠭᠠᠢ ᠲᠡᠷᠭᠡ ᠭᠡᠬᠦᠯᠡᠷ
ᠲᠡᠭᠡᠭᠡᠰᠢ ᠦᠭᠡᠢ ᠬᠣᠭᠤᠰᠤᠨ
ᠬᠠᠩᠭᠠᠢ ᠡᠮᠡᠭᠡᠯ ᠭᠡᠬᠦᠯᠡᠷ
ᠲᠣᠬᠤᠮ ᠵᠠᠰᠠᠯ ᠦᠭᠡᠢ ᠪᠠᠶᠢᠳᠠᠭ
ᠬᠠᠩᠭᠠᠢ ᠰᠤᠮᠤ ᠭᠡᠬᠦᠯᠡᠷ
ᠬᠠᠭᠤᠴᠢᠷᠠᠵᠤ ᠵᠢᠪᠡᠷᠡᠨ ᠤᠳᠠᠬᠰᠠᠨ ᠪᠠᠶᠢᠳᠠᠭ
ᠬᠠᠩᠭᠠᠢ ᠵᠠᠮ ᠭᠡᠬᠦᠯᠡᠷ
ᠥᠷᠭᠡᠨ ᠳᠠᠷᠳᠠᠩ ᠪᠠᠶᠢᠳᠠᠭ
ᠬᠠᠩᠭᠠᠢ ᠳᠡᠯᠡᠬᠡᠢ ᠭᠡᠬᠦᠯᠡᠷ
ᠡᠬᠡ ᠭᠠᠵᠠᠷ ᠢ ᠵᠢᠭᠠᠳᠠᠭ
ᠬᠠᠩᠭᠠᠢ ᠵᠠᠳᠠᠭᠠᠢ ᠭᠡᠬᠦᠯᠡᠷ
ᠬᠣᠪ ᠬᠤᠭᠤᠰᠤᠨ ᠪᠠᠶᠢᠳᠠᠭ
ᠬᠠᠩᠭᠠᠢ ᠪᠠᠶᠠᠨ ᠭᠡᠬᠦᠯᠡᠷ
ᠬᠥᠭᠵᠢᠯ ᠪᠠᠳᠠᠷᠠᠯ ᠲᠠᠢ ᠪᠠᠶᠢᠳᠠᠭ
ᠬᠠᠩᠭᠠᠢ ᠭᠣᠪᠢ ᠭᠡᠪᠡᠯ
ᠬᠣᠶᠠᠷᠳᠠᠮᠠᠯ ᠰᠠᠨᠠᠭ᠎ᠠ ᠲᠠᠢ ᠪᠦᠯᠦᠭᠡ
ᠬᠣᠭᠤᠰᠤᠨ ᠦᠦ ᠂ ᠪᠠᠶᠠᠨ ᠭᠣᠪᠢ ᠦᠦ
ᠬᠡᠯᠡᠭᠰᠡᠨ ᠬᠦᠮᠦᠨ ᠯᠠ ᠮᠡᠳᠡᠨ᠎ᠡ ᠳ᠋ᠠ
ᠯᠢ ᠪᠤᠶᠠᠨᠴᠤᠬᠯᠠ
︿ ︿ ᠬᠠᠩᠭᠠᠢ ﹀ ﹀ ᠂ ︿ ︿ ᠬᠠᠩᠬᠠᠢ ﹀ ﹀ ᠠᠳᠠᠯᠢ ᠭᠡᠵᠦ
ᠨᠢᠭᠡᠨ ︿ ︿ ᠲᠣᠯᠢ ﹀ ﹀ ᠳ᠋ᠤ ᠲᠡᠮᠳᠡᠭᠯᠡᠵᠦ ᠪᠤᠢ
ᠬᠠᠶᠢᠯᠲᠠ ᠬᠢᠭᠰᠡᠨ ᠡᠨᠡ ᠦᠭᠡ ᠶ᠋ᠢ
ᠨᠢᠬᠲᠠᠯᠠᠨ ᠬᠢᠨᠠᠵᠤ ᠤᠶᠢᠯᠠᠭᠠᠮᠤ ︕
1976 ᠣᠨ ᠳ᠋ᠤ ᠥᠪᠥᠷ ᠮᠤᠩᠭᠤᠯ ᠤᠨ ᠠᠷᠠᠳ ᠤᠨ
ᠬᠡᠪᠯᠡᠯ ᠦᠨ ᠬᠣᠷᠢᠶᠠᠨ ᠡᠴᠠ ᠬᠡᠪᠯᠡᠭᠦᠯᠦᠭᠰᠡᠨ ︿ ︿ ᠮᠤᠩᠭᠤᠯ
ᠬᠢᠲᠠᠳ ᠲᠣᠯᠢ ﹀ ﹀ ᠳ᠋ᠤ ᠦᠵᠡᠭᠡᠷᠡᠢ ᠃
ᠢᠷᠡᠯᠳᠡ᠄
ᠨᠠᠶᠢᠷᠠᠭᠤᠯᠤᠭᠴᠢ᠄
ᠳᠤᠯᠠᠭᠠᠨ