ᠠᠭᠤᠴᠢᠯᠠᠯ ᠢ ᠵᠥᠪ ᠲᠠᠨᠢᠬᠤ ᠨᠢ ᠤᠬᠠᠮᠰᠠᠷ ᠪᠦᠯᠦᠭᠡ

ᠣᠩᠰᠢᠭᠰᠠᠨ ᠤᠳᠠᠭ᠎ᠠ ᠄ 6260     ᠨᠡᠶᠢᠳᠡᠯᠡᠭᠰᠡᠨ ᠴᠠᠭ ᠄ 2018/11/5 9:01:47

      ᠡᠷᠲᠡᠨ ᠦ ᠡᠶᠢᠮᠦ ᠨᠢᠭᠡᠨ ᠦᠯᠢᠭᠡᠷ ᠰᠣᠨᠢᠨ ᠳ᠋ᠦ ᠨᠡᠶᠢᠲᠡᠯᠡᠭᠳᠡᠨ ᠤᠩᠰᠢᠬᠳᠠᠯ᠎ᠠ ᠃
      ᠣᠮᠠᠷᠠᠳᠤ ᠸᠧᠢ ᠤᠯᠤᠰ ᠤᠨ ᠰᠢᠶᠣᠤ ᠸᠸᠨ ᠳ᠋ᠢ ᠬᠠᠭᠠᠨ ᠤ ᠦᠶ᠎ᠡ ᠳ᠋ᠦ ᠬᠢᠯᠢ ᠬᠢᠵᠠᠭᠠᠷ ᠳ᠋ᠢᠩᠵᠸᠦ ᠳ᠋ᠦ ᠥᠷᠬᠦᠯᠵᠢ ᠰᠠᠮᠠᠭᠤᠷᠠᠯ ᠭᠠᠷᠳᠠᠭ ᠪᠣᠯᠬᠤᠷ ᠴᠢᠳᠠᠪᠤᠷᠢ ᠲᠠᠢ ᠵᠠᠩᠵᠤᠨ ᠲᠣᠮᠢᠯᠠᠵᠤ ᠪᠠᠳᠤᠯᠠᠨ ᠰᠠᠬᠢᠭᠤᠯᠬᠤ ᠬᠡᠷᠡᠭᠲᠡᠢ ᠪᠠᠶᠢᠵᠠᠢ ᠃ ᠰᠢᠶᠣᠤ ᠸᠸᠨ ᠳ᠋ᠢ ᠬᠠᠭᠠᠨ ᠳᠠᠬᠢᠨ ᠳᠠᠪᠲᠠᠨ ᠪᠤᠳᠤᠯᠬᠢᠯᠠᠭᠠᠣᠨ ᠳᠠᠷᠤᠢ ᠵᠣᠤ ᠡᠾᠸᠢ ᠶ᠋ᠢ ᠲᠣᠮᠢᠯᠠᠨ ᠰᠠᠬᠢᠭᠤᠯᠪᠠᠯ ᠬᠠᠮᠤᠭ ᠰᠠᠶᠢᠨ ᠭᠡᠵᠤ ᠪᠣᠳᠤᠵᠠᠢ ᠃ ᠲᠡᠭᠡᠭᠡᠳ ᠵᠣᠤ ᠡᠾᠸᠢ ᠶ᠋ᠢ ᠳᠠᠭᠤᠳᠠᠨ ᠬᠠᠮᠳᠤᠪᠠᠷ ᠬᠣᠭᠣᠯᠠ ᠢᠳᠡᠵᠦ ᠪᠣᠳᠤᠯ ᠢᠶᠡᠨ ᠶᠠᠷᠢᠵᠠᠢ ᠃ ᠵᠣᠤ ᠡᠾᠸᠢ ᠪᠣᠯ ᠰᠡᠷᠭᠦᠯᠡᠩ ᠬᠦᠮᠦᠨ ᠲᠤᠯᠠ ᠣᠷᠪᠠᠯᠭᠠᠨ ᠰᠠᠮᠠᠭᠤᠷᠠᠯ ᠢ ᠳᠠᠷᠤᠨ᠎ᠠ ᠭᠡᠳᠡᠭ ᠦᠨ ᠶᠠᠷᠰᠢᠭ ᠲᠥᠪᠡᠭ ᠲᠠᠢ ᠶ᠋ᠢ ᠮᠡᠳᠡᠭᠡᠳ ᠳᠦᠯᠬᠢᠵᠦ  ᠄ ︿ ︿ ᠮᠢᠨᠤ ᠴᠢᠳᠠᠪᠤᠷᠢ ᠬᠢᠵᠠᠭᠠᠷ ᠲᠠᠢ ᠂ ᠪᠡᠶ᠎ᠡ ᠶ᠋ᠢᠨ ᠭᠠᠷᠤᠯ ᠴᠤ ᠠᠨᠠᠢ ᠂ ᠡᠨᠡ ᠡᠭᠦᠷᠭᠡ ᠶ᠋ᠢ ᠬᠦᠯᠢᠶᠡᠵᠦ ᠳᠡᠶᠢᠯᠬᠦ ᠦᠭᠡᠢ ﹀ ﹀ ᠭᠡᠪᠡ ᠃
      ᠵᠣᠭᠣᠭ ᠵᠤᠭ᠎ᠠ ᠶᠠᠷᠢᠯᠴᠠᠵᠤ ᠪᠠᠶᠢᠲᠠᠯ᠎ᠠ ᠲᠣᠭᠤᠭᠠᠴᠢ ᠵᠠᠭᠤᠰᠢ ᠠᠪᠣᠭᠠᠣᠨ ᠢᠷᠡᠪᠡ ᠃ ᠬᠠᠷᠢᠨ ᠰᠠᠨᠠᠮᠰᠠᠷ ᠦᠭᠡᠢ ᠨᠢᠭᠡ ᠢᠯᠠᠭ᠎ᠠ ᠵᠠᠭᠤᠰᠢᠨ ᠳᠣᠳᠤᠷ᠎ᠠ ᠬᠥᠪᠪᠦᠵᠦ ᠪᠠᠶᠢᠯ᠎ᠠ ᠃ ᠳᠣᠭᠤᠭᠠᠴᠢ ᠶ᠋ᠢᠨ ᠴᠢᠷᠠᠢ ᠲᠡᠷᠡ ᠳᠣᠤᠷ᠎ᠠ ᠪᠠᠨ ᠬᠤᠵᠢᠢᠵᠤ ᠂ ᠠᠮᠢᠰᠬᠤᠵᠤ ᠭᠠᠷᠬᠤ ᠦᠭᠡᠢ ᠰᠢᠭ ᠪᠣᠯᠪᠠ ᠃ ᠰᠢᠶᠣᠤ ᠸᠸᠨ ᠳ᠋ᠢ ᠬᠠᠭᠠᠨ ᠲᠣᠭᠤᠭᠠᠴᠢ ᠶ᠋ᠢ ᠵᠢᠮᠡᠯᠡᠭᠰᠡᠨ ᠦᠭᠡᠢ ᠬᠠᠷᠢᠨ ᠢᠨᠢᠶᠡᠮᠰᠦᠭᠯᠡᠭᠰᠡᠨ ᠢᠶ᠋ᠡᠨ ᠰᠠᠪᠬ᠎ᠠ ᠪᠠᠷ ᠢᠯᠠᠭ᠎ᠠ ᠶ᠋ᠢ ᠡᠳᠦᠨ ᠭᠠᠷᠭᠠᠭᠠᠳ ᠥᠷᠬᠦᠯᠵᠢᠯᠡᠨ ᠬᠣᠭᠣᠯᠠ ᠪᠠᠨ ᠢᠳᠡᠪᠡ ᠃
      ᠳᠡᠮᠡᠢ ᠤᠳᠠᠯ ᠦᠭᠡᠢ ᠲᠣᠭᠤᠭᠠᠴᠢ ᠪᠠᠰᠠ ᠨᠢᠭᠡ ᠠᠶᠠᠭ᠎ᠠ ᠬᠠᠯᠠᠭᠤᠨ ᠱᠥᠯᠥ ᠠᠪᠣᠭᠠᠣᠨ ᠢᠷᠡᠪᠡ ᠃ ᠪᠠᠷᠤᠭ ᠠᠩᠬᠠᠨ ᠤ ᠤᠴᠢᠷ ᠢ ᠪᠣᠳᠤᠵᠤ ᠭᠣᠤᠯ ᠵᠢᠷᠦᠬᠡ ᠨᠢ ᠲᠥᠭᠰᠢᠵᠦ ᠪᠠᠶᠢᠬᠰᠠᠨ ᠡᠴᠠ ᠲᠣᠭᠤᠭᠠᠴᠢ ᠶ᠋ᠢᠨ ᠭᠠᠷ ᠴᠡᠴᠡᠷᠬᠢᠯᠡᠵᠦ ᠠᠪᠣᠬᠰᠠᠨ ᠢᠶᠡᠨ ᠠᠶᠠᠭ᠎ᠠ ᠲᠠᠢ ᠬᠠᠯᠠᠭᠤᠨ ᠱᠥᠯᠥ ᠶ᠋ᠢ ᠴᠠᠯᠭᠢᠭᠤᠯᠵᠤ ᠰᠢᠶᠣᠤ ᠸᠸᠨ ᠳ᠋ᠢ ᠬᠠᠭᠠᠨ ᠤ ᠭᠠᠷ ᠳᠡᠭᠡᠷ᠎ᠡ ᠠᠰᠬᠠᠪᠠ ᠃ ᠰᠢᠶᠣᠤ ᠸᠸᠨ ᠳ᠋ᠢ ᠬᠠᠭᠠᠨ ᠬᠠᠯᠠᠬᠤ ᠳ᠋ᠠᠭᠠᠨ ᠬᠠᠰᠬᠢᠷᠤᠭᠠᠳ ᠠᠪᠴᠠᠢ ᠃ ᠲᠣᠭᠤᠭᠠᠴᠢ ᠦᠬᠦᠲᠡᠯ᠎ᠡ ᠠᠶᠤᠵᠤ ᠲᠡᠷᠡ ᠳᠠᠷᠤᠶᠢᠬᠠᠨ ᠭᠠᠵᠠᠷ ᠲᠡᠪᠡᠷᠢᠨ ᠰᠦᠭᠦᠦᠨᠴᠦ ᠠᠭᠤᠴᠢᠯᠠᠯ ᠭᠤᠶᠤᠪᠠ ᠃ ᠬᠡᠨ ᠮᠡᠳᠡᠨᠡᠮ  ︕ ᠰᠢᠶᠣᠤ ᠸᠸᠨ ᠳ᠋ᠢ ᠬᠠᠭᠠᠨ ᠭᠠᠷ ᠢᠶᠡᠨ ᠢᠯᠪᠢᠭᠰᠡᠨ ᠢᠶ᠋ᠡᠨ ᠡᠯᠢᠭᠡᠰᠡᠭ ᠳᠤᠯᠠᠭᠠᠨ ᠬᠠᠷᠠᠴᠠ ᠪᠠᠷ ᠲᠣᠭᠤᠭᠠᠴᠢ ᠶ᠋ᠢ ᠲᠠᠶᠢᠤᠨᠬᠤᠷᠠᠭᠤᠯᠵᠤ ︿ ︿ ᠬᠠᠮᠢᠶ᠎ᠠ ᠦᠭᠡᠢ ᠂ ᠴᠢ ᠪᠣᠰᠤᠭᠠᠴᠢ ︕ ﹀ ﹀ ᠭᠡᠪᠡ ᠃
      ᠵᠣᠤ ᠡᠾᠸᠢ ᠡᠨᠡ ᠪᠦᠬᠦᠨ ᠢ ᠠᠵᠢᠬᠯᠠᠨ ᠰᠠᠭᠤᠵᠤ ᠪᠠᠶᠢᠯ᠎ᠠ ᠃ ᠡᠬᠢᠯᠡᠩᠭᠦᠲᠡ ᠡᠷᠡᠭᠡᠯᠵᠡᠵᠦ ᠪᠠᠶᠢᠬᠰᠠᠨ ᠲᠡᠷᠡ ᠰᠢᠶᠣᠤ ᠸᠸᠨ ᠳ᠋ᠢ ᠬᠠᠭᠠᠨ ᠳ᠋ᠦ ᠳᠠᠷᠤᠶᠢᠬᠠᠨ ᠵᠣᠷᠢᠭ ᠢᠶᠡᠨ ᠢᠯᠡᠦᠨᠬᠡᠨ ︿ ︿ ᠳ᠋ᠢᠩᠵᠸᠦ  ᠳ᠋ᠦ ᠣᠴᠢᠶ᠎ᠠ ᠂ ᠬᠢᠯᠢ ᠬᠢᠵᠠᠭᠠᠷ ᠢ ᠰᠠᠶᠢᠳᠤᠷ ᠰᠠᠬᠢᠵᠤ ᠂ ᠣᠷᠪᠠᠯᠭᠠᠨ ᠰᠠᠮᠠᠭᠤᠷᠠᠯ ᠢ ᠳᠠᠷᠤᠶ᠎ᠠ ﹀ ﹀ ᠭᠡᠵᠡᠢ ᠃
      ᠡᠭᠦᠨ ᠡᠴᠡ ᠦᠵᠡᠬᠦ ᠳ᠋ᠦ ᠂ ᠠᠭᠤᠴᠢᠯᠠᠯ ᠬᠡᠮᠡᠭᠴᠢ ᠠᠭᠤᠳᠠᠮ ᠪᠠᠬᠲᠠᠭᠠᠮᠵᠢ ᠲᠠᠢ ᠠᠷᠢᠭᠤᠨ ᠰᠠᠶᠢᠬᠠᠨ ᠰᠤᠷᠲᠠᠯ ᠪᠣᠯᠬᠤ ᠮᠦᠷᠲᠡᠭᠡᠨ ᠨᠢᠭᠡ ᠵᠦᠢᠯ ᠦᠨ ᠣᠨᠴᠠᠭᠠᠢ ᠳᠠᠲᠠᠬᠤ ᠬᠦᠴᠦᠨ ᠲᠠᠢ ᠪᠠᠶᠢᠵᠤ ᠂ ᠬᠦᠮᠦᠰ ᠦᠨ ᠢᠲᠡᠭᠡᠯ ᠢ ᠣᠯᠵᠤ ᠢᠳᠡᠪᠬᠢᠵᠢᠯ ᠢ ᠶᠡᠬᠡᠪᠡᠷ ᠳᠠᠶᠢᠴᠢᠯᠠᠵᠤ ᠴᠢᠳᠠᠨ᠎ᠠ ᠃ ᠳᠠᠩᠳᠠ ᠡᠷᠬᠡ ᠵᠡᠷᠭᠡ ᠳ᠋ᠡᠬᠡᠨ ᠡᠷᠲᠦᠵᠦ ᠳᠤᠷ᠎ᠠ ᠵᠣᠷᠢᠭ ᠢᠶᠠᠷ ᠢᠶᠡᠨ ᠵᠠᠬᠢᠷᠤᠨ ᠡᠵᠡᠮᠳᠡᠬᠦ ᠶ᠋ᠢᠨ ᠣᠷᠣᠨ ᠳ᠋ᠦ ᠰᠢᠶᠣᠤ ᠸᠸᠨ ᠳ᠋ᠢ ᠬᠠᠭᠠᠨ ᠰᠢᠭ᠋ ᠠᠭᠤᠴᠢᠯᠠᠯ ᠢ ᠡᠷᠬᠢᠮᠯᠡᠨ ᠪᠣᠰᠣᠤᠨ ᠤᠨ ᠢᠲᠡᠭᠡᠯ ᠢ ᠣᠯᠵᠤ ᠢᠳᠡᠪᠬᠢᠵᠢᠯ ᠢ ᠳᠠᠶᠢᠴᠢᠯᠠᠬᠤ ᠶᠠᠪᠤᠳᠠᠯ ᠨᠢ ᠣᠳᠣᠬᠠᠨ ᠤ ᠠᠯᠢ ᠣᠯᠠᠨ ᠤᠳᠤᠷᠢᠣᠨᠬᠤ ᠺᠠᠳ᠋ᠷ ᠪᠦᠬᠦᠨ ᠦ ᠠᠩᠬᠠᠷᠤᠯ ᠳ᠋ᠠᠭᠠᠨ ᠠᠪᠬᠤ ᠴᠢᠬᠤᠯᠠ ᠲᠠᠢ ᠬᠡᠪ ᠪᠣᠯᠪᠠᠰᠤᠷᠠᠯ ᠪᠣᠯᠵᠤ ᠲᠠᠭᠠᠷᠠᠨ᠎ᠠ ᠃
      ᠠᠭᠤᠴᠢᠯᠠᠬᠤ ᠨᠢ ᠰᠤᠷᠭᠠᠯ  ᠪᠣᠯᠵᠤ ᠲᠠᠭᠠᠷᠠᠨ᠎ᠠ ᠂ ᠡᠭᠦᠨ ᠦ ᠡᠰᠡᠷᠭᠦ ᠪᠡᠷ ᠠᠭᠤᠷᠯᠠᠬᠤ ᠨᠢ ᠬᠠᠷᠢᠨ ᠤᠷᠰᠢᠭ ᠲᠠᠲᠠᠵᠤ ᠮᠡᠳᠡᠨ᠎ᠡ ᠃

                                          ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ