ᠬᠤᠰᠢᠭᠤᠨ  ᠤ ᠡᠷᠡᠭᠦᠯ ᠬᠠᠮᠠᠭᠠᠯᠠᠯ ᠪᠤᠯᠤᠨ ᠲᠦᠯᠦᠪᠯᠡᠭᠡᠲᠦ ᠦᠷᠡᠵᠢᠯ   ᠤᠨ ᠲᠤᠪᠴᠢᠶ᠎ᠠ ᠲᠦᠪ  ᠤᠨ ᠶᠠᠳᠠᠭᠤ ᠡᠴᠡ ᠠᠩᠭᠢᠵᠢᠷᠠᠭᠤᠯᠬᠤ ᠪᠤᠭᠤᠮᠲᠠ ᠰᠢᠪᠲᠤᠯᠬᠤ ᠲᠤᠭᠤᠷᠢᠨ ᠪᠠᠢᠴᠠᠭᠠᠯᠲᠠ  ᠶᠢ ᠤᠭᠲᠠᠬᠤ ᠠᠵᠢᠯ  ᠢ ᠰᠠᠢᠲᠤᠷ ᠬᠢᠵᠦ ᠪᠠᠢᠨ᠎ᠠ

ᠣᠩᠰᠢᠭᠰᠠᠨ ᠤᠳᠠᠭ᠎ᠠ ᠄ 401     ᠨᠡᠶᠢᠳᠡᠯᠡᠭᠰᠡᠨ ᠴᠠᠭ ᠄ 2018/11/5 8:55:53

      ᠲᠦᠪ ᠦᠨ ᠨᠠᠢ᠌ᠮᠠᠳᠤᠭᠠᠷ ᠲᠤᠭᠤᠷᠢᠨ ᠪᠠᠢᠢᠴᠠᠭᠠᠬᠤ ᠲᠤᠭᠤᠢᠯᠠᠩ ᠤᠨ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠳᠤ ᠶᠠᠳᠠᠭᠤ ᠡᠴᠡ ᠠᠩᠭᠢᠵᠢᠷᠠᠭᠤᠯᠬᠤ ᠪᠤᠭᠤᠮᠲᠠ ᠰᠢᠪᠲᠤᠯᠬᠤ ᠲᠤᠰᠬᠠᠢ ᠲᠤᠭᠤᠷᠢᠨ  ᠪᠠᠢᠢᠴᠠᠭᠠᠯᠲᠠ ᠶᠢ ᠤᠭᠲᠠᠬᠤ ᠶᠢᠨ ᠲᠦᠯᠦᠭᠡ᠂ ᠤᠢᠷ᠎ᠠ  ᠳᠤ ᠬᠤᠰᠢᠭᠤᠨ ᠤ ᠡᠷᠡᠭᠦᠯ ᠬᠠᠮᠠᠭᠠᠯᠠᠯ ᠪᠤᠯᠤᠨ ᠲᠦᠯᠦᠪᠯᠡᠭᠡᠲᠦ ᠦᠷᠡᠵᠢᠯ ᠦᠨ ᠲᠤᠪᠴᠢᠶ᠎ᠠ ᠶᠢᠨ ᠬᠢᠨ᠂ ᠬᠡᠪ ᠦᠨ ᠠᠵᠢᠯ ᠢᠶᠠᠨ ᠦᠷᠨᠢᠭᠦᠯᠬᠦ ᠶᠢᠨ ᠬᠠᠮᠲᠤ᠂ 7 ᠳᠤᠭᠤᠢᠯᠠᠩ ᠬᠤᠪᠢᠶᠠᠵᠤ᠂ ᠪᠦᠬᠦ ᠬᠤᠰᠢᠭᠤᠨ ᠤ 22 ᠦᠨᠳᠦᠰᠦᠨ ᠡᠮ ᠡᠮᠨᠡᠯᠭᠡ ᠶᠢᠨ ᠬᠠᠷᠢᠶ᠎ᠠ ᠪᠦᠬᠦᠢ 355 ᠭᠠᠴᠠᠭ᠎ᠠ ᠲᠤᠰᠬᠤᠨ  ᠤ 600 ᠭᠠᠷᠤᠢ ᠭᠠᠴᠠᠭ᠎ᠠ ᠲᠤᠰᠬᠤᠨ ᠤ ᠡᠷᠡᠭᠦᠯ ᠬᠠᠮᠠᠭᠠᠯᠠᠯ ᠤᠨ ᠭᠡᠷ ᠪᠠ ᠳᠠᠩᠰᠠᠯᠠᠵᠤ ᠺᠠᠷᠲᠯᠠᠭᠰᠠᠨ ᠶᠠᠳᠠᠭᠤ ᠡᠷᠦᠬᠡ ᠳᠦ  ᠭᠦᠨᠵᠡᠭᠡᠢᠢᠷᠡᠨ᠂  ᠡᠷᠡᠭᠦᠯ ᠴᠢᠬᠢᠷᠠᠭ ᠢᠶᠠᠷ ᠶᠠᠳᠠᠭᠤ ᠶᠢ ᠳᠡᠳᠭᠦᠬᠦ ᠠᠵᠢᠯ ᠳᠤ ᠵᠢᠭᠠᠨ ᠵᠢᠯᠤᠭᠤᠳᠤᠯᠭ᠎ᠠ ᠬᠢᠵᠦ᠂ ᠳᠤᠲᠠᠭᠳᠠᠭᠰᠠᠨ ᠵᠦᠢᠯ ᠢ ᠨᠦᠬᠦᠪᠦᠷᠢᠯᠡᠬᠦ ᠪᠠ ᠠᠯᠳᠠᠭ᠎ᠠ ᠪᠤᠷᠤᠭᠤ ᠪᠠᠨ ᠵᠠᠯᠠᠷᠠᠭᠤᠯᠤᠨ᠂ ᠬᠠᠮᠤᠭ ᠰᠠᠢᠨ ᠬᠢᠷᠢ ᠪᠦᠲᠦᠮᠵᠢ ᠪᠡᠷ ᠲᠦᠪ ᠦᠨ ᠲᠤᠭᠤᠷᠢᠨ ᠪᠠᠢᠢᠴᠠᠭᠠᠯᠲᠠ ᠶᠢ ᠬᠦᠯᠢᠶᠡᠬᠦ ᠪᠡᠷ ᠵᠤᠷᠢᠭᠰᠠᠨ ᠪᠠᠢᠨ᠎ᠠ᠃ ᠲᠡᠳᠡ ᠨᠠᠷ ᠡᠷᠲᠡᠯᠡᠵᠦ  ᠤᠷᠤᠢᠢᠯᠠᠨ ᠦᠯᠦᠰᠴᠦ ᠤᠮᠳᠠᠭᠠᠰᠬᠤ ᠶᠢ ᠦᠯᠦ  ᠬᠠᠢᠢᠬᠤᠷᠠᠨ᠂ ᠲᠤᠬᠠᠢ ᠶᠢᠨ ᠭᠠᠵᠠᠷ ᠲᠤ ᠨᠢ ᠵᠢᠯᠤᠭᠤᠳᠤᠯᠭ᠎ᠠ ᠬᠢᠵᠦ᠂ ᠪᠠᠭ᠎ᠠ ᠪᠤᠰᠤ ᠠᠯᠳᠠᠭ᠎ᠠ ᠲᠤᠲᠠᠭᠳᠠᠯ ᠢ ᠨᠢ ᠵᠠᠯᠠᠷᠠᠭᠤᠯᠤᠭᠰᠠᠨ ᠪᠠᠢᠨ᠎ᠠ᠃

                                                   ᠪᠠᠶᠠᠨᠵᠢᠷᠭᠠᠯ






ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ