ᠠᠭᠤᠷ ᠪᠡᠶ᠎ᠡ ᠶ᠋ᠢ ᠵᠣᠪᠠᠭᠠᠨ᠎ᠠ ᠠᠭᠤᠯᠠ ᠮᠣᠷᠢ ᠶ᠋ᠢ ᠵᠣᠪᠠᠭᠠᠨ᠎ᠠ

ᠣᠩᠰᠢᠭᠰᠠᠨ ᠤᠳᠠᠭ᠎ᠠ ᠄ 7834     ᠨᠡᠶᠢᠳᠡᠯᠡᠭᠰᠡᠨ ᠴᠠᠭ ᠄ 2018/11/5 8:27:50

      ︿ ︿ ᠠᠭᠤᠷ ᠪᠡᠶ᠎ᠡ ᠶ᠋ᠢ ᠵᠣᠪᠠᠭᠠᠨ᠎ᠠ ᠠᠭᠤᠯᠠ ᠮᠣᠷᠢ ᠶ᠋ᠢ ᠵᠣᠪᠠᠭᠠᠨ᠎ᠠ ﹀ ﹀ ᠭᠡᠰᠡᠨ ᠦᠭᠡ ᠪᠣᠯ ᠠᠯᠢ ᠡᠷᠲᠡᠨ ᠦ ᠮᠤᠩᠭᠤᠯ ᠬᠦᠮᠦᠨ ᠦ ᠠᠮᠢᠳᠤᠷᠠᠯ ᠲᠡᠮᠡᠴᠡᠯ ᠦᠨ ᠳᠣᠮᠳᠠ ᠡᠴᠠ ᠳ᠋ᠦᠩᠨᠡᠨ ᠭᠠᠷᠭᠠᠬᠰᠠᠨ ᠦᠨᠡᠨ ᠮᠦᠨ ᠢ ᠲᠤᠰᠬᠠᠬᠰᠠᠨ ᠭᠤᠶᠤ ᠰᠠᠶᠢᠬᠠᠨ ᠵᠦᠢᠷ ᠦᠭᠡ ᠪᠠᠶᠢᠵᠤ ᠂ ᠬᠦᠮᠦᠨ ᠵᠤᠨ ᠳ᠋ᠤ ᠭᠦᠨ ᠭᠦᠨᠵᠡᠭᠡᠢ ᠰᠤᠷᠭᠠᠮᠵᠢ ᠬᠦᠷᠲᠡᠭᠡᠬᠦ ᠰᠡᠴᠡᠨ ᠮᠡᠷᠭᠡᠨ ᠰᠤᠷᠭᠠᠯ ᠦᠭᠡ ᠪᠣᠯᠬᠤ ᠶᠤᠮ ᠃ ᠡᠨᠡ ᠦᠭᠡ ᠨᠢ ᠮᠠᠨᠤᠰ ᠲᠤ ᠠᠭᠤᠷ ᠬᠢᠯᠢᠩ ᠬᠡᠮᠡᠭᠴᠢ ᠬᠦᠮᠦᠨ ᠦ ᠪᠡᠶ᠎ᠡ ᠳ᠋ᠦ ᠲᠤᠶᠢᠯ ᠤᠨ ᠮᠠᠭᠤ ᠡᠨ᠋ᠸᠷᠭᠢ ᠶ᠋ᠢ ᠠᠪᠴᠢᠷᠠᠬᠤ ᠡᠬᠢ ᠰᠣᠷᠪᠣᠯᠵᠢ ᠪᠣᠯᠬᠤ ᠶ᠋ᠢ ᠤᠷᠠᠨ ᠵᠦᠢᠷᠯᠡᠯ ᠲᠠᠢ ᠲᠠᠨᠢᠭᠤᠯᠤᠬᠰᠠᠨ ᠪᠠᠶᠢᠳᠠᠭ ᠃
      ᠠᠭᠤᠷ ᠭᠢᠯᠢᠩ ᠪᠣᠯ ᠮᠣᠩᠬᠠᠷᠠᠯ ᠤᠨ ᠦᠨᠳᠦᠰᠦ ᠂ ᠲᠡᠨᠡᠭᠰᠢᠯ ᠦᠨ ᠰᠠᠭᠤᠷᠢ ᠂ ᠡᠷᠡᠭᠦᠯ ᠡᠩᠬᠡ ᠶ᠋ᠢᠨ ᠲᠠᠶᠢᠰᠤᠨ ᠠᠵᠢᠯ ᠠᠮᠢᠳᠤᠷᠠᠯ ᠤᠨ ᠬᠣᠤᠷᠲᠠᠨ ᠪᠠᠶᠢᠭ᠎ᠠ ᠶᠤᠮ ᠃ ᠬᠦᠮᠦᠨ ᠶᠡᠷᠦᠨᠢ ᠬᠡᠳᠦᠢ ᠶᠡᠬᠡ ᠠᠭᠤᠷᠯᠠᠬᠤ ᠲᠣᠳᠤᠮ ᠲᠡᠳᠦᠢ ᠶᠡᠬᠡ ᠮᠣᠩᠬᠠᠭ ᠪᠠᠯᠠᠢ ᠪᠣᠯᠵᠤ ᠂ ᠤᠶᠤᠨ ᠰᠠᠨᠠᠭ᠎ᠠ ᠬᠠᠭᠠᠬᠳᠠᠨ ᠤᠴᠢᠷ ᠶᠠᠪᠤᠳᠠᠯ ᠳ᠋ᠤ ᠵᠥᠪ ᠬᠠᠨᠳᠤᠵᠤ ᠲᠡᠶᠢᠯᠬᠦ ᠦᠭᠡᠢ ᠪᠣᠯᠵᠤ ᠂ ᠶᠡᠬᠡ ᠬᠡᠷᠡᠭ ᠡᠳᠦᠨ ᠲᠣᠮᠣ ᠬᠣᠬᠢᠷᠠᠯ ᠠᠮᠰᠠᠵᠤ ᠂ ᠨᠡᠩ ᠴᠢᠨᠠᠬᠰᠢᠯᠠᠪᠠᠯ ᠠᠮᠢ ᠨᠠᠰᠤ ᠪᠠᠨ ᠴᠤ ᠦᠭᠡᠶᠢᠬᠢᠳᠡᠭ ᠪᠠᠶᠢᠨ᠎ᠠ ᠃ ᠡᠶᠢᠮᠦ ᠵᠢᠱᠢᠶ᠎ᠡ ᠨᠡᠬᠡᠷᠡᠨ ᠪᠠᠭ᠎ᠠ ᠪᠣᠰᠤ ᠶ᠋ᠢ ᠬᠡᠨ ᠠᠯᠢᠨ ᠠᠨᠳᠠᠬᠤ ᠠᠵᠢ ᠃ ᠲᠡᠷᠡ ᠮᠦᠷᠳᠡᠭᠡᠨ ᠥᠷᠭᠦᠯᠵᠢ ᠠᠭᠤᠷᠯᠠᠵᠤ ᠤᠴᠠᠭᠠᠷᠯᠠᠨ ᠭᠢᠯᠢᠩ ᠲᠥᠷᠦᠬᠦ ᠨᠢ ᠡᠷᠡᠭᠦᠯ ᠪᠡᠶ᠎ᠡ ᠶ᠋ᠢᠨ ᠠᠮᠤᠷ ᠮᠡᠨᠳᠦ ᠶ᠋ᠢ ᠨᠥᠯᠦᠭᠡᠯᠡᠵᠦ ᠂ ᠡᠪᠡᠦᠨᠴᠢᠨ ᠡᠮᠭᠡᠭ ᠠᠮᠠᠷᠬᠠᠨ ᠣᠯᠳᠠᠭ ᠢ ᠡᠮᠨᠡᠯᠭᠡ ᠶ᠋ᠢᠨ ᠤᠬᠠᠭᠠᠨᠲᠠᠨ ᠡᠷᠲᠡᠮᠲᠡᠨ ᠮᠡᠷᠭᠡᠳ ᠠᠳᠠᠯᠢ ᠪᠣᠰᠤ ᠶ᠋ᠢᠨ ᠲᠠᠯᠠᠪᠤᠷ ᠲᠤ ᠪᠠᠶᠢᠩᠭᠤ ᠰᠠᠨᠠᠭᠤᠯᠤᠨ ᠶᠠᠷᠢᠵᠤ ᠯᠠ ᠪᠠᠶᠢᠨ᠎ᠠ ᠃ ᠡᠷᠡᠭᠲᠡᠢ ᠬᠦᠮᠦᠨ ᠠᠭᠤᠷᠯᠠᠪᠠᠯ ᠡᠯᠢᠭᠡ ᠶ᠋ᠢ ᠭᠡᠮᠳᠦᠭᠡᠵᠦ ᠡᠮᠡᠭᠲᠡᠢ ᠬᠦᠮᠦᠨ ᠠᠭᠤᠷᠯᠠᠪᠠᠯ ᠭᠦᠬᠦ ᠪᠣᠯᠣᠨ ᠰᠠᠪᠠ ᠶ᠋ᠢ ᠭᠡᠮᠳᠦᠭᠡᠵᠦ  ᠶᠡᠬᠡ ᠳᠠᠷᠢᠬᠢ ᠂ ᠠᠭᠤᠰᠬᠢ ᠂ ᠬᠣᠳᠣᠭᠤᠳᠤ ᠂ ᠵᠢᠷᠦᠬᠡ ᠵᠡᠷᠭᠡ ᠬᠦᠮᠦᠨ ᠦ ᠪᠡᠶ᠎ᠡ ᠶ᠋ᠢᠨ ᠭᠣᠤᠯ ᠴᠢᠬᠤᠯᠠ ᠡᠷᠬᠡᠲᠡᠨ ᠢ ᠴᠦᠮ ᠨᠥᠯᠦᠭᠡᠯᠡᠨ ᠭᠡᠮᠳᠦᠭᠡᠳᠡᠭ ᠪᠠᠶᠢᠨ᠎ᠠ ᠭᠡᠵᠦ ᠭᠠᠳᠠᠭᠠᠳᠤ ᠳᠣᠳᠤᠭᠠᠳᠤ ᠶ᠋ᠢᠨ ᠡᠮᠨᠡᠯᠭᠡ ᠶ᠋ᠢᠨ ᠤᠬᠠᠭᠠᠨ ᠤ ᠡᠷᠲᠡᠮᠲᠡᠦᠨ ᠤᠨ ᠨᠣᠲᠠᠯᠠᠯ ᠰᠤᠷᠭᠠᠯ ᠤᠩᠰᠢᠬᠳᠠᠬᠳᠠᠵᠤ ᠯᠠ ᠪᠠᠶᠢᠨ᠎ᠠ ᠃
      ᠠᠭᠤᠷ ᠭᠢᠯᠢᠩ ᠨᠢ ᠠᠵᠢᠯ ᠤᠶᠢᠯᠡᠰ ᠢ ᠪᠦᠳᠦᠮᠵᠢ ᠮᠠᠭᠤᠲᠠᠢ ᠠᠳᠠᠯ ᠠᠮᠢᠳᠤᠷᠠᠯ ᠢ ᠥᠭᠡᠳᠡ ᠦᠭᠡᠢ ᠪᠣᠯᠭᠠᠬᠤ ᠬᠣᠤᠷᠲᠠᠨ ᠪᠠᠶᠢᠵᠤ ᠬᠤᠪᠢ ᠪᠡᠶ᠎ᠡ ᠪᠣᠯᠣᠨ ᠭᠡᠷ ᠪᠦᠯᠢ ᠳ᠋ᠦ ᠲᠤᠩ ᠶᠡᠬᠡ ᠠᠰᠢᠭ ᠦᠭᠡᠢ ᠪᠠᠶᠢᠳᠠᠭ ᠃
      ᠠᠭᠤᠷ ᠭᠢᠯᠢᠩ ᠢᠶ᠋ᠡᠨ ᠳᠠᠷᠤᠬᠤ ᠨᠢ ᠬᠦᠮᠦᠰ ᠦᠨ ᠬᠡᠪ ᠪᠣᠯᠪᠠᠰᠤᠷᠠᠯ ᠲᠠᠢ ᠬᠣᠯᠪᠣᠬᠳᠠᠬᠤ ᠦᠵᠡᠯ ᠰᠠᠨᠠᠭᠠᠨ ᠤ ᠤᠬᠠᠮᠰᠠᠷ ᠪᠣᠯᠣᠨ ᠪᠡᠶ᠎ᠡ ᠪᠡᠨ ᠪᠠᠷᠢᠬᠤ ᠴᠢᠳᠠᠪᠤᠷᠢ ᠲᠠᠢ ᠬᠣᠯᠪᠣᠬᠳᠠᠨ᠎ᠠ ᠃
      ᠦᠨᠡᠨ ᠢ ᠬᠡᠯᠡᠬᠦ ᠳ᠋ᠦ ᠂ ᠤᠶᠤᠨ ᠰᠡᠷᠭᠡᠭ ᠤᠬᠠᠭᠠᠨ ᠲᠡᠭᠦᠯᠳᠡᠷ ᠬᠦᠮᠦᠨ ᠪᠦᠬᠦᠨ ᠳ᠋ᠦ ᠠᠭᠤᠷ ᠭᠢᠯᠢᠩ ᠢᠶ᠋ᠡᠨ ᠳᠠᠷᠤᠵᠤ ᠴᠢᠳᠠᠬᠤ ᠴᠢᠳᠠᠪᠤᠷᠢ ᠲᠠᠢ ᠪᠠᠶᠢᠳᠠᠭ ᠃
      ᠠᠭᠤᠷ ᠭᠢᠯᠢᠩ ᠬᠦᠷᠬᠦ ᠲᠠᠢ ᠵᠡᠷᠭᠡ ᠪᠣᠷᠤᠭᠤ ᠶ᠋ᠢ ᠨᠢ ᠳᠠᠩᠳᠠ ᠪᠣᠰᠣᠤᠨ ᠡᠴᠠ ᠨᠡᠬᠡᠮᠵᠢᠯᠡᠵᠦ ᠪᠣᠯᠬᠤ ᠦᠭᠡᠢ ᠃ ᠪᠣᠰᠣᠤᠨ ᠢ ᠠᠭᠤᠴᠢᠯᠠᠨ ᠥᠷᠦᠰᠢᠶᠡᠪᠡᠯ ᠠᠭᠤᠷ ᠭᠢᠯᠢᠩ ᠠᠶᠠᠨᠳᠠᠭᠠᠨ ᠠᠷᠢᠯᠤᠨ ᠵᠠᠮᠬᠠᠷᠠᠵᠤ ᠮᠠᠭᠤ ᠮᠠᠭᠤᠬᠠᠢ ᠭᠡᠨᠡᠨ ᠶᠠᠪᠤᠳᠠᠯ ᠡᠴᠠ ᠬᠣᠯᠠ ᠪᠠᠶᠢᠵᠤ ᠴᠢᠳᠠᠬᠤ ᠶᠤᠮ ᠃
      ᠠᠵᠢᠯ ᠠᠮᠢᠳᠤᠷᠠᠯ ᠤᠨ ᠬᠣᠤᠷᠲᠠᠨ ᠡᠷᠡᠭᠦᠯ ᠮᠡᠨᠳᠦ ᠶ᠋ᠢᠨ ᠲᠠᠶᠢᠰᠤᠨ ᠪᠣᠯᠬᠤ ᠠᠭᠤᠷ ᠭᠢᠯᠢᠩ ᠡᠴᠡ ᠬᠣᠯᠠᠬᠠᠨ ᠵᠠᠶᠢᠳᠠᠨ ᠪᠠᠶᠢᠵᠤ ᠂ ᠰᠢᠨ᠎ᠡ ᠴᠠᠭ ᠦᠶ᠎ᠡ ᠶ᠋ᠢᠨ ᠰᠠᠶᠢᠨ ᠰᠠᠶᠢᠬᠠᠨ ᠢ ᠪᠠᠬᠠᠷᠬᠠᠨ ᠡᠳ᠋ᠯᠡᠵᠦ ᠂ ᠪᠠᠶᠠᠨ ᠴᠢᠨᠡᠭᠡᠯᠢᠭ ᠪᠠᠶᠠᠷ ᠴᠡᠩᠬᠡᠯᠲᠦ ᠠᠵᠢᠯ ᠠᠮᠢᠳᠤᠷᠠᠯ ᠳ᠋ᠠᠭᠠᠨ ᠵᠢᠷᠭᠠᠵᠤ ᠶᠠᠪᠣᠬᠤ ᠨᠢ ᠬᠦᠮᠦᠨ ᠪᠦᠬᠦᠨ ᠦ ᠬᠠᠷᠢᠭᠤᠴᠠᠯᠭ᠎ᠠ ᠪᠦᠭᠡᠦᠨ ᠪᠤᠶᠠᠨ ᠪᠤᠶᠤ ︕

                                                       ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ