ᠰᠡᠦᠨᠬᠢᠯ ᠦᠨ ᠣᠴᠢ

ᠣᠩᠰᠢᠭᠰᠠᠨ ᠤᠳᠠᠭ᠎ᠠ ᠄ 6081     ᠨᠡᠶᠢᠳᠡᠯᠡᠭᠰᠡᠨ ᠴᠠᠭ ᠄ 2018/11/3 8:21:15

ᠰᠡᠦᠨᠬᠢᠯ ᠦᠨ ᠣᠴᠢ
       ᠯᠢ ᠪᠤᠶᠠᠨᠴᠤᠬᠯᠠ
ᠡᠵᠡᠨ ᠴᠢᠩᠭᠢᠰ ᠦᠨ ᠪᠢᠯᠢᠭ ᠠᠷᠢᠭᠤᠨ
ᠡᠪᠦᠭᠡ ᠳᠡᠭᠡᠳᠦᠰ ᠦᠨ ᠰᠤᠷᠭᠠᠯ ᠠᠷᠢᠭᠤᠨ
ᠡᠶ᠎ᠡ ᠵᠣᠬᠢᠴᠠᠯᠳᠤ ᠨᠡᠶᠢᠭᠡᠮ ᠠᠷᠢᠭᠤᠨ
ᠡᠪ ᠬᠠᠮᠳᠤ ᠨᠠᠮ ᠤᠨ ᠦᠵᠡᠯ ᠠᠷᠢᠭᠤᠨ
ᠬᠦᠮᠦᠵᠢᠯ ᠬᠦᠷᠲᠡᠭᠴᠢ ᠬᠡᠦᠬᠡᠳ ᠰᠠᠶᠢᠬᠠᠨ
ᠬᠦᠰᠡᠯ ᠡᠪᠦᠷᠯᠡᠭᠴᠢ ᠵᠠᠯᠠᠭᠤ ᠰᠠᠶᠢᠬᠠᠨ
ᠬᠥᠭᠰᠡᠯ ᠪᠢᠯᠬᠠᠬᠰᠠᠨ ᠠᠮᠢᠳᠤᠷᠠᠯ ᠰᠠᠶᠢᠬᠠᠨ
ᠬᠦᠭᠵᠢᠯ ᠬᠤᠷᠤᠶᠢᠯᠠᠬᠰᠠᠨ ᠢᠷᠡᠭᠡᠳᠦᠢ ᠰᠠᠶᠢᠬᠠᠨ
ᠦᠷ᠎ᠡ ᠬᠡᠦᠬᠡᠳ ᠲᠦ ᠰᠤᠷᠭᠠᠯ ᠡᠷᠬᠢᠮ
ᠥᠪᠡᠷ ᠪᠡᠶ᠎ᠡ ᠳ᠋ᠦ ᠵᠣᠷᠢᠭ ᠡᠷᠬᠢᠮ
ᠤᠶᠢᠯᠡᠰ ᠠᠵᠢᠯ ᠳ᠋ᠤ ᠴᠢᠷᠮᠠᠶᠢᠯᠭ᠎ᠠ ᠡᠷᠬᠢᠮ
ᠦᠨᠳᠦᠰᠦᠲᠡᠨ ᠤᠬᠰᠠᠭ᠎ᠠ ᠳ᠋ᠤ ᠥᠪ ᠡᠷᠬᠢᠮ
ᠬᠢᠷᠢ ᠪᠡᠨ ᠮᠡᠳᠡᠬᠦ ᠨᠢ ᠤᠬᠠᠮᠰᠠᠷ ᠲᠠᠢ ᠬᠦᠮᠦᠨ
ᠬᠢᠵᠦ ᠪᠦᠳᠦᠭᠡᠬᠦ ᠨᠢ ᠴᠢᠳᠠᠪᠤᠷᠢ ᠲᠠᠢ ᠬᠦᠮᠦᠨ
ᠠᠵᠢᠯ ᠬᠥᠳᠡᠯᠮᠦᠷᠢ ᠳ᠋ᠦ ᠰᠢᠭᠤᠷᠬᠠᠢ ᠪᠣᠯ ᠬᠦᠴᠦᠷᠬᠡᠭ
ᠠᠳᠠᠯ ᠠᠮᠢᠳᠤᠷᠠᠯ ᠳ᠋ᠤ ᠴᠢᠳᠠᠮᠠᠭᠠᠢ ᠪᠣᠯ ᠴᠢᠨᠡᠭᠡᠯᠢᠭ
ᠮᠡᠳᠡᠯᠭᠡ ᠪᠠᠶᠢᠭᠠᠳ ᠢᠯᠡᠷᠡᠭᠦᠯᠬᠦ ᠦᠭᠡᠢ ᠪᠣᠯ ᠣᠯᠢᠭ ᠦᠭᠡᠢ
ᠴᠢᠳᠠᠪᠤᠷᠢ ᠲᠠᠢ ᠠᠭᠠᠣᠨ ᠭᠠᠷᠭᠠᠬᠤ ᠦᠭᠡᠢ ᠪᠣᠯ ᠬᠡᠷᠡᠭ ᠦᠭᠡᠢ
ᠭᠡᠷᠭᠡᠢ ᠬᠡᠦᠬᠡᠳ ᠢᠶ᠋ᠡᠨ ᠡᠨᠡᠷᠢᠵᠦ ᠶᠠᠪᠤᠪᠠᠰᠤ ᠡᠷᠦᠬᠡ ᠪᠦᠳᠦᠨ
ᠭᠡᠷ ᠡᠷᠦᠬᠡ ᠪᠡᠨ ᠥᠭᠰᠦᠭᠦᠯᠵᠦ ᠪᠠᠶᠢᠪᠠᠰᠤ ᠡᠯᠢᠭᠡ ᠪᠦᠳᠦᠨ
ᠳᠡᠭᠵᠢᠷᠡᠵᠦ ᠪᠦᠬᠦᠢ ᠦᠶᠡᠰ ᠲᠦ ᠳᠡᠮᠵᠢᠭᠰᠡᠳ ᠰᠡᠵᠢᠭᠯᠡᠯᠲᠡᠢ
ᠳᠣᠷᠤᠶᠢᠲᠠᠵᠤ ᠪᠠᠶᠢᠭ᠎ᠠ ᠡᠷᠡᠨ ᠳ᠋ᠦ ᠳᠤᠰᠠᠯᠠᠬᠴᠢᠣᠨ ᠢᠲᠡᠭᠡᠯᠲᠡᠢ
ᠡᠷᠡᠭᠦᠯ ᠰᠠᠷᠠᠭᠤᠯ ᠨᠢ ᠤᠷᠳᠤ ᠨᠠᠰᠤᠯᠠᠬᠤ ᠶ᠋ᠢᠨ ᠪᠠᠳᠤᠯᠠᠭ᠎ᠠ
ᠡᠶ᠎ᠡ ᠵᠣᠬᠢᠴᠠᠯ ᠨᠢ ᠤᠳᠠᠭᠠᠨ ᠵᠢᠷᠭᠠᠬᠤ ᠶ᠋ᠢᠨ ᠲᠥᠰᠢᠯᠭᠡ
ᠠᠮᠠ ᠬᠡᠯᠡ ᠪᠡᠨ ᠬᠢᠴᠢᠶᠡᠵᠦ ᠶᠠᠪᠤᠬᠤ ᠨᠢ ᠴᠢᠬᠤᠯᠠ
ᠠᠨᠳᠠᠭᠠᠢ ᠲᠠᠩᠭᠠᠷᠢᠭ ᠢᠶᠡᠨ ᠪᠡᠶᠡᠯᠡᠭᠦᠯᠵᠦ ᠶᠠᠪᠤᠬᠤ ᠨᠢ ᠴᠢᠨᠠᠷ
ᠬᠣᠤᠷᠯᠠᠵᠤ ᠬᠥᠨᠦᠭᠡᠬᠦ ᠨᠢ ᠬᠠᠷᠬᠢᠰ ᠤᠨ ᠲᠡᠮᠳᠡᠭ
ᠬᠣᠨᠵᠢᠵᠤ ᠱᠠᠮᠰᠢᠬᠤ ᠨᠢ ᠬᠣᠪᠳᠣᠭ ᠤᠨ ᠢᠯᠡᠷᠡᠯ
ᠡᠨᠡᠷᠢᠯ ᠦᠭᠡᠢ ᠨᠣᠶᠠᠨ ᠠᠷᠠᠳ ᠲᠠᠭᠠᠨ ᠠᠭᠠᠰᠢ
ᠡᠯᠪᠡᠷᠢᠯ ᠦᠭᠡᠢ ᠦᠷ᠎ᠡ ᠡᠵᠢ ᠳ᠋ᠡᠬᠡᠨ ᠠᠭᠠᠰᠢ
ᠥᠪᠡᠷ ᠢ ᠪᠡᠨ ᠢᠯᠠᠬᠴᠢ ᠠᠮᠵᠢᠯᠲᠠ ᠣᠯᠤᠨ᠎ᠠ
ᠥᠷᠦᠭᠡᠯ ᠢ ᠬᠣᠤᠷᠯᠠᠬᠴᠢ ᠬᠠᠷᠢᠭᠤ ᠠᠮᠰᠠᠨ᠎ᠠ
ᠰᠤᠷᠭᠠᠯ ᠥᠯᠥ ᠠᠪᠤᠪᠠᠰᠤ ᠭᠡᠮᠰᠢᠯ ᠲᠠᠢ
ᠰᠤᠷᠲᠠᠯ ᠦᠭᠡᠢ ᠶᠠᠪᠤᠪᠠᠰᠤ ᠵᠢᠭᠰᠢᠯ ᠲᠠᠢ
ᠰᠠᠶᠢᠬᠠᠨ ᠵᠢᠰᠦ ᠶ᠋ᠢ ᠮᠠᠭᠤ ᠴᠢᠷᠠᠢ ᠦᠭᠡᠶᠢᠬᠢᠨ᠎ᠡ
ᠰᠠᠶᠢᠨ ᠬᠦᠮᠦᠨ ᠢ ᠮᠠᠭᠤᠬᠠᠢ ᠠᠭᠠᠰᠢ ᠦᠭᠡᠶᠢᠬᠢᠨ᠎ᠡ
ᠬᠡᠷᠡᠭ ᠵᠠᠷᠭᠤ ᠳᠠᠲᠠᠵᠤ ᠶᠠᠪᠤᠬᠤ ᠨᠢ ᠲᠡᠨᠡᠭ ᠡᠷ᠎ᠡ
ᠭᠢᠯᠢᠩ ᠠᠭᠤᠷ ᠢᠶᠡᠨ ᠳᠠᠷᠤᠵᠤ ᠶᠠᠪᠤᠬᠤ ᠨᠢ ᠬᠡᠷᠰᠡᠦ ᠬᠦᠮᠦᠨ
ᠬᠣᠪᠴᠢ ᠬᠦᠮᠦᠨ ᠦ ᠬᠣᠩᠰᠢᠶᠠᠷ ᠨᠢ ᠬᠡᠴᠡᠭᠦᠦ
ᠬᠤᠳᠠᠯᠴᠢ ᠬᠦᠮᠦᠨ ᠦ ᠪᠠᠰᠢᠷ ᠨᠢ ᠬᠡᠴᠡᠭᠦᠦ
ᠵᠦᠷᠢᠭᠦᠦ ᠬᠦᠮᠦᠨ ᠢ ᠠᠷᠭ᠎ᠠ ᠪᠠᠷ ᠵᠠᠰᠠ
ᠵᠦᠳᠡᠭᠦᠦ ᠠᠷᠠᠳ ᠢ ᠵᠣᠭᠤᠰ ᠢᠶᠠᠷ ᠳᠡᠮᠵᠢ
ᠥᠴᠦᠭᠡᠳᠦᠷ ᠦᠨ ᠬᠡᠷᠡᠭ ᠢ ᠪᠣᠤ ᠨᠡᠬᠡ
ᠥᠨᠦᠳᠦᠷ ᠦᠨ ᠠᠵᠢᠯ ᠳ᠋ᠤ ᠪᠣᠤ ᠰᠠᠭᠠᠲᠠ
ᠮᠠᠵᠢᠶᠠᠩ ᠳ᠋ᠤ ᠰᠢᠨᠤᠪᠠᠯ ᠮᠠᠯ ᠢᠶᠡᠨ ᠪᠠᠷᠠᠨ᠎ᠠ
ᠮᠡᠷᠡᠶᠢᠨ ᠠᠵᠢᠯᠯᠠᠪᠠᠯ ᠮᠠᠭᠠᠳ ᠳᠡᠭᠵᠢᠷᠡᠨ᠎ᠡ
ᠢᠷᠡᠯᠳᠡ᠄ ᠨᠠᠶᠢᠷᠠᠭᠤᠯᠤᠭᠴᠢ᠄ ᠳᠤᠯᠠᠭᠠᠨ