ᠰᠠᠶᠢᠬᠠᠨ ᠢᠣᠨᠬᠠᠯ ᠤᠨ ᠰᠤᠷᠭᠠᠯ ᠬᠦᠴᠦᠨ ᠶᠡᠬᠡ

ᠣᠩᠰᠢᠭᠰᠠᠨ ᠤᠳᠠᠭ᠎ᠠ ᠄ 6415     ᠨᠡᠶᠢᠳᠡᠯᠡᠭᠰᠡᠨ ᠴᠠᠭ ᠄ 2018/11/3 8:18:15

      ᠳᠠᠮ ᠰᠠᠶᠢᠨ ᠢᠣᠨᠬᠠᠯ ᠢ ᠵᠥᠪ ᠤᠶᠢᠯᠠᠭᠠᠨ ᠲᠠᠨᠢᠬᠤ ᠠᠨᠤ ᠦᠨᠡᠬᠡᠷ ᠶᠡᠷᠦ ᠪᠣᠰᠤ ᠶ᠋ᠢᠨ ᠬᠦᠮᠦᠨ ᠠᠵᠤᠭᠤ ᠃ ᠡᠷᠬᠡ ᠦᠭᠡᠢ ᠡᠷᠬᠢᠮ ᠮᠡᠷᠭᠡᠨ ᠳ᠋ᠦ᠋ᠷ ᠲᠣᠭᠠᠴᠠᠬᠳᠠᠮᠤᠢ ᠃ ᠡᠨᠲᠡ ᠡᠷᠲᠡᠨ ᠦ  ᠲᠡᠦᠬᠡᠨ ᠳ᠋ᠡᠬᠢ ᠨᠢᠭᠡᠨ ᠦᠯᠢᠭᠡᠷ ᠢ ᠰᠡᠶᠢᠷᠡᠭᠦᠯᠦᠨ ᠂ ᠰᠠᠶᠢᠬᠠᠨ ᠰᠣᠷᠭᠠᠯ ᠬᠦᠴᠦᠨ ᠶᠡᠬᠡ ᠭᠡᠰᠡᠨ ᠢ ᠲᠣᠳᠤᠯᠠᠨ ᠲᠣᠳᠤᠷᠬᠠᠶᠢᠯᠠᠶ᠎ᠠ ᠃ ᠡᠷᠬᠡ ᠵᠡᠷᠭᠡ ᠲᠠᠢ ᠡᠷᠬᠢᠮ ︿ ︿ ᠨᠣᠶᠠᠳ ﹀ ﹀ ᠠᠩᠬᠠᠷᠤᠯ ᠳ᠋ᠠᠭᠠᠨ ᠠᠪᠬᠤ   ᠪᠣᠯᠤᠭᠠᠰᠠᠢ ︕
      ᠡᠷᠲᠡᠨ ᠦ ᠵᠢᠩ ᠭᠦᠩ ᠬᠡᠮᠡᠭᠴᠢ ᠰᠢᠪᠠᠭᠠᠳ ᠢ ᠪᠠᠷᠢᠬᠤᠢ ᠳ᠋ᠦ᠋ᠷ ᠣᠨᠴᠠᠭᠠᠢ ᠳᠤᠷᠠᠲᠠᠢ ᠠᠵᠤᠭᠤ ᠃ ᠳᠣᠤᠷᠠᠬᠢ ᠲᠥᠰᠢᠮᠡᠯ ᠵᠦ ᠽᠸᠦ ᠪᠡᠷ ᠰᠢᠪᠠᠭᠤ ᠪᠠᠨ ᠲᠡᠵᠢᠭᠡᠯᠭᠡᠭᠰᠡᠨ᠎ᠡ ᠠᠯᠳᠠᠬᠰᠠᠨ ᠳ᠋ᠦ᠋ᠷ ᠵᠢᠩ ᠭᠦᠩ ᠶᠡᠬᠡᠳᠡ ᠠᠭᠤᠷᠯᠠᠵᠤ ᠂ ᠲᠥᠷᠥ ᠶ᠋ᠢᠨ ᠲᠥᠰᠢᠮᠡᠯ ᠳ᠋ᠦ ᠵᠠᠬᠢᠶ᠎ᠠ ᠪᠠᠭᠤᠯᠭᠠᠨ ︿ ︿ ᠵᠦ ᠽᠸᠦ ᠶ᠋ᠢ ᠠᠯᠠᠬᠳᠤᠨ ﹀ ﹀ ᠬᠡᠮᠡᠪᠡᠢ ᠃ ᠶᠠᠨᠽᠢ ᠦᠭᠦᠯᠡᠷᠦᠨ ᠄ ︿ ︿ ᠵᠦ ᠽᠸᠦ ᠶ᠋ᠢᠨ ᠶᠠᠯ᠎ᠠ ᠭᠤᠷᠪᠠ ᠪᠤᠢ ᠃ ᠲᠡᠭᠦᠨ ᠦ ᠶᠠᠯ᠎ᠠ ᠶ᠋ᠢ ᠲᠣᠭᠠᠴᠠᠭᠤᠯᠤᠭᠠᠣᠨ ᠠᠯᠠᠬᠤ ᠠᠵᠢᠶᠠᠮᠤ ﹀ ﹀  ᠬᠡᠮᠡᠭᠰᠡᠨ ᠳ᠋ᠦ ᠵᠢᠩ ᠭᠦᠩ ᠦᠭᠦᠯᠡᠷᠦᠨ ᠄ ︿ ︿ ᠪᠣᠯᠤᠮᠤᠢ  ﹀ ﹀ ᠭᠡᠵᠡᠢ ᠃ ᠲᠡᠨᠳᠡᠴᠡ ᠵᠢᠩ ᠭᠦᠩ ᠦᠨ ᠡᠮᠦᠨ᠎ᠡ ᠳᠠᠭᠤᠳᠠᠨ ᠠᠪᠴᠢᠷᠠᠨ ᠲᠣᠭᠠᠴᠠᠨ ᠦᠭᠦᠯᠡᠷᠦᠨ ᠄   ︿ ︿ ᠵᠦ ᠽᠸᠦ ︕ ᠴᠢ ᠮᠠᠨ ᠤ ᠡᠵᠡᠨ ᠦ ᠲᠥᠯᠦᠭᠡ ᠰᠢᠪᠠᠭᠤᠨ ᠢ ᠲᠡᠵᠢᠭᠡᠭᠡᠳ ᠠᠯᠳᠠᠪᠠᠢ ᠂ ᠡᠨᠡ ᠪᠣᠯᠪᠠᠰᠤ ᠨᠢᠭᠡᠳᠦᠭᠡᠷ ᠶᠠᠯ᠎ᠠ ᠪᠣᠶᠤ ᠃ ᠮᠠᠨ ᠤ ᠡᠵᠡᠨ ᠢᠶ᠋ᠡᠷ ᠰᠢᠪᠠᠭᠤᠨ ᠤ ᠲᠥᠯᠦᠭᠡ ᠬᠦᠮᠦᠨ ᠢ ᠠᠯᠠᠭᠤᠯᠪᠠᠢ ᠂ ᠡᠨᠡ ᠪᠣᠯᠪᠠᠰᠤ ᠬᠣᠶᠠᠳᠤᠭᠠᠷ ᠶᠠᠯ᠎ᠠ ᠪᠤᠶᠤ ᠃ ᠮᠤᠵᠢ ᠶ᠋ᠢᠨ ᠡᠵᠡᠨ ᠰᠣᠨᠤᠰᠪᠠᠰᠤ ᠮᠠᠨ ᠤ ᠡᠵᠡᠨ ᠰᠢᠪᠠᠭᠤᠨ ᠢ ᠬᠦᠨᠳᠦᠦᠨᠬᠡᠭᠡᠦᠨ ᠡᠷᠲᠡᠮᠲᠡᠨ ᠢ ᠬᠥᠩᠭᠡᠯᠡᠪᠡᠢ ᠬᠡᠮᠡᠪᠡᠢ ᠂ ᠡᠨᠡ ᠪᠣᠯᠪᠠᠰᠤ ᠭᠤᠷᠪᠠᠳᠤᠭᠠᠷ ᠶᠠᠯ᠎ᠠ ᠪᠤᠶᠤ ﹀ ﹀ ᠬᠡᠮᠡᠨ ᠵᠦ ᠽᠸᠦ ᠶ᠋ᠢᠨ ᠶᠠᠯ᠎ᠠ ᠶ᠋ᠢ ᠲᠣᠭᠠᠴᠠᠨ ᠲᠡᠭᠦᠰᠦᠭᠡᠳ ︿ ︿ ᠠᠯᠠᠳᠤᠭᠠᠢ ︕ ﹀ ﹀ ᠬᠡᠮᠡᠪᠡᠢ ᠃ ᠵᠢᠩ ᠭᠦᠩ ᠨᠢᠮᠪᠠᠶᠢᠬᠠᠨ ᠰᠣᠨᠤᠰᠴᠤ ᠦᠭᠦᠯᠡᠷᠦᠨ ᠄ ︿ ︿ ᠪᠢᠲᠡᠬᠡᠢ ᠠᠯᠠᠬᠳᠤᠨ ︕ ᠮᠡᠭᠦᠰ ᠬᠦᠮᠦᠨ ᠰᠤᠷᠭᠠᠯ ᠢ ᠬᠦᠷᠲᠡᠵᠦᠬᠦᠢ ﹀ ﹀ ᠬᠡᠮᠡᠪᠡᠢ ᠃
      ᠡᠶᠢᠨᠬᠦ ᠂ ᠢᠣᠨᠬᠠᠯ ᠢ ᠰᠣᠨᠤᠰᠤᠨ ᠰᠤᠷᠭᠠᠯ ᠢ ᠠᠪᠬᠤ ᠠᠨᠤ ᠶᠠᠭᠤᠲᠠᠢ ᠡᠷᠬᠢᠮ ᠶᠠᠭᠤᠲᠠᠢ ᠰᠠᠶᠢᠬᠠᠨ ᠠᠵᠢ ᠃ ᠰᠠᠶᠢᠬᠠᠨ ᠢᠣᠨᠬᠠᠯ ᠤᠨ ᠰᠤᠷᠭᠠᠯ ᠬᠦᠴᠦᠨ ᠡᠶᠢᠮᠦᠷᠬᠦ ᠶᠡᠬᠡ ᠪᠦᠯᠦᠭᠡ ᠃ ᠡᠷᠬᠢᠮ ︿ ︿ ᠨᠤᠶᠠᠤᠨ ﹀ ﹀ ᠡᠷᠬᠡᠳᠦ ᠲᠦᠮᠡᠨ ᠵᠢᠷᠤᠮᠯᠠᠬᠤ ᠪᠣᠯᠳᠤᠭᠠᠢ ︕
                                          ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ