ᠪᠣᠳᠤᠵᠤ ᠦᠵᠡᠶ᠎ᠡ

ᠣᠩᠰᠢᠭᠰᠠᠨ ᠤᠳᠠᠭ᠎ᠠ ᠄ 6060     ᠨᠡᠶᠢᠳᠡᠯᠡᠭᠰᠡᠨ ᠴᠠᠭ ᠄ 2018/11/3 8:14:50

ᠪᠣᠳᠤᠵᠤ ᠦᠵᠡᠶ᠎ᠡ
        ᠯᠢ ᠪᠤᠶᠠᠨᠴᠤᠬᠯᠠ
ᠬᠦᠮᠦᠨᠴᠢ ᠴᠢᠨᠠᠷ ᠦᠭᠡᠢ ᠬᠦᠮᠦᠨ
ᠬᠤᠪᠢᠨ ᠤ ᠲᠥᠷᠥᠯ ᠢᠶ᠋ᠡᠨ ᠲᠤᠰᠠᠯᠠᠬᠤ ᠭᠡᠵᠢ ‍ᠦᠦ
ᠬᠤᠪᠢᠨ ᠤ ᠲᠥᠷᠥᠯ ᠢᠶ᠋ᠡᠨ ᠳᠤᠰᠠᠯᠠᠬᠤ ᠦᠭᠡᠢ ᠬᠦᠮᠦᠨ
ᠬᠣᠲᠠᠯᠠ ᠲᠦᠮᠡᠨ ᠢ ᠳᠡᠦᠨᠬᠦᠬᠦ ᠭᠡᠵᠢ ‍ᠦᠦ
ᠬᠣᠪᠢᠰᠬᠠᠯ ᠤᠨ ᠠᠵᠢᠯ ᠳ᠋ᠤ ᠵᠢᠦᠨᠬᠦᠬᠦ ᠭᠡᠵᠢ ‍ᠦᠦ
ᠪᠣᠳᠤᠵᠤ ᠦᠵᠡᠶ᠎ᠡ ︕
ᠬᠡᠪ ᠪᠣᠯᠪᠠᠰᠤᠷᠠᠯ ᠳᠣᠷᠣᠢ ᠬᠦᠮᠦᠨ
ᠬᠡᠭᠦᠳᠡᠭ ᠴᠡᠭᠡᠵᠢ ᠨᠢ ᠴᠡᠪᠡᠷ ᠭᠡᠵᠢ ‍ᠦᠦ
ᠬᠡᠭᠦᠳᠡᠭ ᠴᠡᠭᠡᠵᠢ ᠨᠢ ᠴᠡᠪᠡᠷ ᠦᠭᠡᠢ ᠬᠦᠮᠦᠨ
ᠬᠡᠭᠡᠯᠢ ᠬᠠᠬᠣᠤᠯᠢ ᠢᠳᠡᠬᠦ ᠦᠭᠡᠢ ᠭᠡᠵᠢ ‍ᠦᠦ
ᠬᠡᠷᠡᠭ ᠢ ᠵᠥᠪ ᠰᠢᠢᠦᠨᠪᠦᠷᠢᠯᠡᠬᠦ ᠭᠡᠵᠢ ‍ᠦᠦ
ᠪᠣᠳᠤᠵᠤ ᠦᠵᠡᠶ᠎ᠡ ︕
ᠪᠣᠯᠪᠠᠰᠤᠨ ᠮᠤᠷᠠᠯ ᠲᠤᠲᠠᠮᠠᠭ ᠬᠦᠮᠦᠨ
ᠪᠣᠳᠤᠯᠭ᠎ᠠ ᠰᠠᠨᠠᠭ᠎ᠠ ᠨᠢ ᠠᠷᠢᠭᠤᠨ ᠭᠡᠵᠢ ‍ᠦᠦ
ᠪᠣᠳᠤᠯᠭ᠎ᠠ ᠰᠠᠨᠠᠭ᠎ᠠ ᠨᠢ ᠠᠷᠢᠭᠤᠨ ᠦᠭᠡᠢ ᠬᠦᠮᠦᠨ
ᠪᠤᠶᠠᠨ ᠤᠶᠢᠯᠡᠦᠨᠬᠦ ᠶ᠋ᠢ ᠪᠣᠳᠤᠬᠤ ᠭᠡᠵᠢ ‍ᠦᠦ
ᠪᠣᠳᠠᠳᠤ ᠠᠵᠢᠯ ᠬᠢᠬᠦ ᠭᠡᠵᠢ ‍ᠦᠦ
ᠪᠣᠳᠤᠵᠤ ᠦᠵᠡᠶ᠎ᠡ ︕
ᠬᠦᠮᠦᠨᠴᠢ ᠴᠢᠨᠠᠷ ᠴᠢᠬᠤᠯᠠ ᠡᠴᠠ ᠴᠢᠬᠤᠯᠠ
ᠬᠡᠪ ᠪᠣᠯᠪᠠᠰᠤᠷᠠᠯ ᠡᠷᠬᠢᠮ ᠡᠴᠡ ᠡᠷᠬᠢᠮ
ᠪᠣᠯᠪᠠᠰᠤᠨ ᠮᠤᠷᠠᠯ ᠬᠠᠮᠤᠭ ᠰᠠᠶᠢᠬᠠᠨ
ᠪᠣᠯᠳᠤ ᠪᠠᠷ ᠢᠶᠡᠨ ᠵᠢᠷᠤᠮᠯᠠᠪᠠᠰᠤ ᠨᠡᠩ ᠰᠠᠶᠢᠬᠠᠨ ︕

ᠢᠷᠡᠯᠳᠡ᠄ ᠨᠠᠶᠢᠷᠠᠭᠤᠯᠤᠭᠴᠢ᠄ ᠳᠤᠯᠠᠭᠠᠨ