ᠨᠠᠢᠮᠠᠨ ᠬᠤᠰᠢᠭᠤᠨ ᠤ ᠵᠠᠮ ᠬᠠᠷᠢᠯᠴᠠᠭᠠᠨ ᠤ ᠴᠠᠬᠳᠠᠭᠠᠨ ᠤ ᠶᠡᠬᠡ ᠠᠩᠭᠢ ᠶ᠋ᠢᠨ ᠲᠡᠷᠭᠡᠨ ᠦ ᠬᠠᠮᠢᠶᠠᠷᠤᠯᠲᠠ ᠶ᠋ᠢᠨ ᠭᠠᠵᠠᠷ ︿ ︿ ᠪᠦᠬᠦ ᠤᠯᠤᠰ ᠤᠨ ᠰᠢᠯᠢᠳᠡᠭ ᠰᠢᠶᠠᠨ ᠤ ᠲᠡᠰ ᠦᠨ ᠲᠡᠷᠭᠡᠨ ᠦ ᠬᠠᠮᠢᠶᠠᠷᠤᠯᠲᠠ ᠶ᠋ᠢᠨ ᠭᠠᠵᠠᠷ ﹀ ﹀  ᠢᠶᠠᠷ ᠥᠨᠡᠯᠡᠭᠳᠡᠪᠡ

ᠣᠩᠰᠢᠭᠰᠠᠨ ᠤᠳᠠᠭ᠎ᠠ ᠄ 1695     ᠨᠡᠶᠢᠳᠡᠯᠡᠭᠰᠡᠨ ᠴᠠᠭ ᠄ 2018/11/2 10:12:17

      ᠨᠠᠢᠮᠠᠨ ᠬᠤᠰᠢᠭᠤᠨ ᠤ ᠳᠣᠳᠤᠭᠠᠳᠤ ᠶ᠋ᠢ ᠬᠠᠮᠠᠭᠠᠯᠠᠬᠤ ᠳᠣᠪᠴᠢᠶ᠎ᠠ ᠶ᠋ᠢᠨ ᠵᠠᠮ ᠬᠠᠷᠢᠯᠴᠠᠭᠠᠨ ᠤ ᠴᠠᠬᠳᠠᠭᠠᠨ ᠤ ᠶᠡᠬᠡ ᠠᠩᠭᠢ ᠶ᠋ᠢᠨ ᠳᠡᠷᠭᠡᠨ ᠦ ᠬᠠᠮᠢᠶᠠᠷᠤᠯᠲᠠ ᠶ᠋ᠢᠨ ᠭᠠᠵᠠᠷ ᠨᠢ ᠳᠣᠳᠤᠭᠠᠳᠤ ᠶ᠋ᠢ ᠬᠠᠮᠠᠭᠠᠯᠠᠬᠤ ᠵᠠᠮ ᠬᠠᠷᠢᠯᠴᠠᠭᠠᠨ ᠤ ᠬᠠᠮᠢᠶᠠᠷᠤᠯᠲᠠ ᠶ᠋ᠢᠨ ᠥᠭᠡᠷᠡᠴᠢᠯᠡᠯᠲᠡ ᠶ᠋ᠢ ᠭᠦᠨᠵᠡᠭᠡᠶᠢᠷᠡᠭᠦᠯᠦᠨ ᠠᠬᠢᠭᠤᠯᠵᠤ ᠂  ᠲᠡᠷᠭᠡᠨ ᠦ ᠬᠠᠮᠢᠶᠠᠷᠤᠯᠲᠠ ᠶ᠋ᠢᠨ ᠭᠠᠵᠠᠷ  ᠤᠨ ᠵᠢᠩᠭᠢᠨᠢᠴᠢᠯᠡᠭᠰᠡᠨ ᠂ ᠲᠥᠷᠢᠮᠵᠢᠭᠰᠡᠨ ᠪᠠᠶᠢᠭᠤᠯᠤᠯᠲᠠ ᠶ᠋ᠢᠨ ᠬᠢᠷᠢ ᠲᠥᠪᠰᠢᠨ ᠢ ᠳᠡᠭᠡᠭᠰᠢᠯᠡᠭᠦᠯᠵᠦ ᠂ ᠬᠠᠲᠠᠭᠤ ᠲᠣᠨᠣᠭ ᠤᠨ ᠪᠠᠶᠢᠭᠤᠯᠤᠯᠲᠠ ᠂ ᠤᠶᠢᠯᠡᠴᠢᠯᠡᠭᠡᠨ ᠤ ᠤᠶᠢᠯᠠᠭᠠᠬᠳᠠᠬᠤᠨ ᠂ ᠳᠥᠷᠢᠮᠵᠢᠭᠰᠡᠨ ᠬᠠᠮᠢᠶᠠᠷᠤᠯᠲᠠ ᠶ᠋ᠢᠨ ᠬᠢᠷᠢ ᠲᠥᠪᠰᠢᠨ ᠴᠦᠮ ᠪᠦᠬᠦ ᠣᠷᠣᠨ ᠴᠢᠨᠠᠬᠰᠢᠯᠠᠨ ᠪᠦᠬᠦ ᠤᠯᠤᠰ ᠤᠨ ᠡᠮᠦᠨ᠎ᠡ ᠡᠩᠨᠡᠭᠡᠨ ᠳ᠋ᠦ ᠶᠠᠪᠤᠵᠤ ᠪᠤᠢ ᠃ ᠳᠣᠳᠤᠭᠠᠳᠤ ᠶ᠋ᠢ ᠬᠠᠮᠠᠭᠠᠯᠠᠬᠤ ᠶᠠᠮᠤᠨ ᠤ ᠬᠠᠮᠢᠶ᠎ᠠ ᠪᠦᠬᠦᠢ ᠳᠣᠬᠲᠠᠭᠠᠯ ᠱᠠᠭᠠᠷᠳᠠᠯᠭ᠎ᠠ ᠪᠠᠷ ᠨᠠᠢᠮᠠᠨ ᠬᠤᠰᠢᠭᠤᠨ ᠤ ᠵᠠᠮ ᠬᠠᠷᠢᠯᠴᠠᠭᠠᠨ ᠤ ᠶᠡᠬᠡ ᠠᠩᠭᠢ ᠶ᠋ᠢᠨ  ᠲᠡᠷᠭᠡᠨ ᠦ ᠬᠠᠮᠢᠶᠠᠷᠤᠯᠲᠠ ᠶ᠋ᠢᠨ ᠭᠠᠵᠠᠷ ᠨᠢ ᠪᠦᠬᠦ ᠤᠯᠤᠰ ᠤᠨ ᠬᠤᠰᠢᠭᠤ ᠰᠢᠶᠠᠨ ᠤ ᠲᠡᠰ ᠦᠨ ᠲᠡᠷᠭᠡᠨ ᠦ ᠬᠠᠮᠢᠶᠠᠷᠤᠯᠲᠠ ᠶ᠋ᠢᠨ ᠭᠠᠵᠠᠷ ᠤᠨ ᠰᠢᠯᠭᠠᠷᠠᠭᠤᠯᠤᠯᠲᠠ ᠳᠤᠮᠳᠠ ᠴᠣᠯᠭᠤᠷᠠᠨ ᠭᠠᠷᠴᠤ ᠂ ᠳᠣᠳᠤᠭᠠᠳᠤ ᠶ᠋ᠢ ᠬᠠᠮᠠᠭᠠᠯᠠᠬᠤ ᠶᠠᠮᠤᠨ ᠤ ︿ ︿ ᠪᠦᠬᠦ ᠤᠯᠤᠰ ᠤᠨ ᠰᠢᠯᠢᠳᠡᠭ ᠰᠢᠶᠠᠨ ᠤ ᠲᠡᠰ ᠦᠨ ᠲᠡᠷᠭᠡᠨ ᠦ ᠬᠠᠮᠢᠶᠠᠷᠤᠯᠲᠠ ᠶ᠋ᠢᠨ ᠭᠠᠵᠠᠷ ﹀ ﹀ ᠶ᠋ᠢᠨ ᠢᠷᠠᠭᠤ  ᠠᠯᠳᠠᠷᠳᠤ ᠴᠣᠯᠠ ᠶ᠋ᠢ ᠬᠦᠷᠲᠡᠵᠡᠢ ᠃
      ᠪᠦᠬᠦ ᠤᠯᠤᠰ ᠲᠤ ᠲᠣᠰ ᠴᠣᠯᠠ ᠶ᠋ᠢ ᠬᠦᠷᠲᠡᠭᠴᠢᠦᠨ 139 ᠡᠷᠦᠬᠡ ᠪᠠᠶᠢᠵᠤ ᠂ ᠥᠪᠡᠷᠲᠡᠭᠡᠨ ᠵᠠᠰᠠᠬᠤ ᠣᠷᠣᠨ ᠳ᠋ᠤ 3 ᠪᠠᠶᠢᠵᠤ ᠂ ᠨᠠᠢᠮᠠᠨ ᠬᠤᠰᠢᠭᠤᠨ ᠤ ᠲᠡᠷᠭᠡᠨ ᠦ ᠬᠠᠮᠢᠶᠠᠷᠤᠯᠲᠠ ᠶ᠋ᠢᠨ ᠭᠠᠵᠠᠷ ᠨᠢ ᠲᠥᠩᠯᠢᠶᠣᠤ ᠬᠣᠲᠠ ᠶ᠋ᠢᠨ ᠴᠣᠷ ᠤᠨ ᠭᠠᠬᠴᠡ ᠲᠣᠰ ᠢᠷᠠᠭᠤ ᠠᠯᠳᠠᠷᠳᠤ ᠴᠣᠯᠠ ᠶ᠋ᠢ ᠬᠦᠷᠲᠡᠭᠰᠡᠨ ᠨᠢᠭᠡᠴᠡ         ᠪᠣᠯᠤᠨ᠎ᠠ ᠃                 

                                              ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ