ᠠᠵᠢᠯᠴᠢ ᠠᠷᠪᠢᠴᠢ ᠶ᠋ᠢ ᠡᠷᠬᠢᠮᠯᠡᠶ᠎ᠡ

ᠣᠩᠰᠢᠭᠰᠠᠨ ᠤᠳᠠᠭ᠎ᠠ ᠄ 6693     ᠨᠡᠶᠢᠳᠡᠯᠡᠭᠰᠡᠨ ᠴᠠᠭ ᠄ 2018/11/2 9:58:15

      ︿ ︿ ᠠᠵᠢᠯᠴᠢ ﹀ ﹀ ᠬᠢᠭᠡᠦᠨ ︿ ︿ ᠠᠷᠪᠢᠴᠢ ﹀ ﹀ ᠪᠣᠯ ᠢᠬᠢᠷ ᠲᠥᠷᠦᠭᠰᠡᠨ ᠠᠬ᠎ᠠ ᠳᠡᠭᠦᠦ ᠪᠣᠯᠤᠨ᠎ᠠ ᠃ ᠠᠵᠢᠯᠴᠢ ᠪᠠᠶᠢᠬᠤ ᠪᠣᠯ ᠠᠮᠢᠳᠤᠷᠠᠯ ᠢᠶᠡᠨ ᠥᠭᠡᠳᠡ ᠳᠠᠲᠠᠬᠤ ᠶ᠋ᠢᠨ ᠪᠡᠯᠭᠡ ᠳᠡᠮᠪᠡᠷᠡᠯ  ᠂ ᠠᠷᠪᠢᠴᠢ ᠪᠠᠶᠢᠬᠤ ᠪᠣᠯ ᠥᠭᠡᠳᠡ ᠲᠠᠢ ᠠᠮᠢᠳᠤᠷᠠᠯ ᠢᠶᠡᠨ ᠪᠠᠳᠣᠣᠨᠬᠠᠨ ᠵᠣᠯ ᠵᠢᠷᠭᠠᠯᠳᠤ ᠠᠮᠢᠳᠤᠷᠠᠯ ᠢ ᠡᠳ᠋ᠯᠡᠭᠦᠯᠬᠦ ᠶ᠋ᠢᠨ ᠪᠠᠳᠤᠯᠠᠭ᠎ᠠ ᠪᠣᠯᠤᠨ᠎ᠠ ᠃ ᠭᠡᠶ᠎ᠡ ᠂ ᠣᠳᠣᠬᠠᠨ ᠳ᠋ᠤ ᠬᠦᠳᠡᠭᠡ ᠲᠣᠰᠬᠤᠨ ᠮᠠᠯᠵᠢᠬᠤ ᠣᠷᠣᠨ ᠤ ᠵᠠᠷᠢᠮ ᠭᠠᠵᠠᠷ ᠤᠨ ᠬᠡᠰᠡᠭ ᠬᠦᠮᠦᠰ ᠮᠦᠨ ᠠᠵᠢᠯᠴᠢ ᠶ᠋ᠢᠨ ᠡᠰᠡᠷᠭᠦ ᠠᠯᠵᠠᠭᠤ ᠵᠠᠯᠬᠠᠭᠤ ᠂ ᠠᠷᠪᠢᠴᠢ ᠶ᠋ᠢᠨ ᠡᠰᠡᠷᠭᠦ ᠪᠦᠷᠢᠯᠭᠡᠨ ᠰᠦᠢᠦᠨᠬᠡᠬᠦ ᠮᠠᠭᠤ ᠰᠤᠷᠲᠠᠯ ᠲᠠᠢ ᠪᠠᠶᠢᠵᠤ ᠂ ︿ ︿ ᠵᠠᠭᠤ ᠬᠦᠷᠬᠦ ᠦᠭᠡᠢ ᠪᠡᠶ᠎ᠡ ᠶ᠋ᠢ ᠵᠣᠪᠠᠭᠠᠵᠤ ᠶᠠᠭᠠᠬᠢᠬᠤ ᠪᠤᠢ ︖ ﹀ ﹀ ᠂ ︿ ︿ ᠡᠨᠡᠬᠡᠨ ᠴᠢᠯᠦᠭᠡᠨ ᠳ᠋ᠡᠬᠡᠨ ᠡᠷᠬᠡ ᠲᠠᠪᠠ ᠪᠠᠷ ᠵᠢᠷᠭᠠᠶ᠎ᠠ ﹀ ﹀ ᠬᠡᠮᠡᠨ ᠲᠡᠩᠬᠡᠭᠡ ᠡᠴᠡ ᠪᠡᠨ ᠬᠡᠳᠦᠷᠡᠲᠡᠯ᠎ᠡ ᠰᠠᠪᠠᠵᠤ ᠂ ᠬᠦᠮᠦᠨ ᠦ ᠠᠮᠢᠳᠤᠷᠠᠯ ᠤᠨ ᠵᠠᠮ ᠤᠨ ᠬᠦᠵᠦᠭᠦᠦ ᠤᠷᠳᠤ ᠭᠡᠳᠡᠭ ᠢ ᠨᠢᠭᠡᠮᠦᠰᠦᠨ ᠣᠮᠠᠷᠲᠠᠳᠠᠭ ᠂ ᠨᠡᠩ ᠴᠢᠨᠠᠬᠰᠢᠯᠠᠪᠠᠯ ᠦᠷ᠎ᠡ ᠬᠡᠦᠬᠡᠳ ᠦᠨ ᠢᠶ᠋ᠡᠨ ᠣᠳᠣᠬᠢ ᠪᠠ ᠢᠷᠡᠭᠡᠳᠦᠢ ᠶ᠋ᠢ ᠴᠤ ᠪᠣᠳᠤᠯᠬᠢᠯᠠᠯ ᠦᠭᠡᠢ ᠪᠡᠷ ︿ ︿ ᠣᠯᠳᠠᠪᠠᠯ ᠢᠳᠡᠵᠦ ᠣᠷᠣᠶᠢᠲᠠᠪᠠᠯ ᠤᠨᠲᠠᠭᠠᠳ ﹀ ﹀ ᠬᠠᠶᠢᠷᠠᠬᠠᠨ ᠰᠠᠶᠢᠬᠠᠨ ᠵᠠᠯᠠᠭᠤ  ᠢᠳᠡᠷ ᠵᠣᠯ ᠵᠢᠷᠭᠠᠯᠳᠤ ᠴᠠᠭ ᠡᠷᠡᠨ ᠢᠶ᠋ᠡᠨ ᠲᠠᠯᠠᠭᠠᠷ ᠥᠩᠭᠡᠷᠡᠭᠦᠯᠵᠦ ᠪᠠᠶᠢᠨ᠎ᠠ ᠃ ᠨᠡᠩ ᠬᠡᠴᠡᠭᠦᠦ ᠨᠢ ᠵᠣᠪᠠᠨ ᠵᠦᠲᠡᠨ ᠣᠯᠤᠬᠰᠠᠨ ᠪᠠᠭ᠎ᠠ ᠰᠠᠭ᠎ᠠ ᠠᠮᠤ ᠪᠣᠳᠠᠭ᠎ᠠ ᠬᠤᠳᠠᠯᠳᠤᠬᠰᠠ ᠵᠣᠭᠤᠰ ᠂ ᠮᠠᠯ ᠬᠤᠳᠠᠯᠳᠤᠬᠰᠠ ᠣᠷᠤᠯᠭ᠎ᠠ ᠵᠡᠷᠭᠡ ᠪᠡᠨ ᠵᠣᠭᠤᠰ ᠲᠠᠢ ᠮᠦᠷᠦᠶᠢᠴᠡᠭᠡᠨ ᠳ᠋ᠦ ᠡᠷᠭᠦᠨ ᠂ ᠥᠷᠳᠡᠭ ᠲᠠᠢ ᠪᠦᠵᠢᠭᠯᠡᠵᠦ ᠂ ᠦᠨ᠎ᠡ ᠲᠠᠢ ᠲᠠᠮᠠᠬᠢ ᠰᠣᠷᠣᠨ ᠦᠨᠦᠷ ᠲᠠᠢ ᠠᠷᠢᠬᠢ ᠰᠢᠮᠡᠨ ᠳᠠᠭᠤᠰᠬᠠᠵᠤ ᠪᠤᠢ ᠃
      ᠮᠠᠨ ᠤ ᠮᠤᠩᠭᠤᠯ ᠬᠦᠮᠦᠨ ᠡᠷᠲᠡ ᠤᠵᠤᠭᠤᠷ ᠡᠴᠠ ᠠᠵᠢᠯᠴᠢ ᠠᠷᠪᠢᠴᠢ ᠶ᠋ᠢ ᠡᠷᠬᠢᠮᠯᠡᠨ ᠂ ᠬᠦᠴᠢᠷ ᠪᠡᠷᠬᠡᠰᠢᠶᠡᠯ ᠲᠠᠢ ᠣᠷᠴᠢᠨ  ᠠᠬᠤᠢ ᠳ᠋ᠤ ᠬᠠᠲᠠᠭᠤᠵᠢᠨ ᠴᠢᠷᠮᠠᠶᠢᠵᠤ ᠂ ᠦᠷ᠎ᠡ ᠬᠣᠶᠢᠴᠢᠰ ᠢᠶᠡᠨ  ᠳᠣᠳᠤᠮᠳᠠᠨ ᠦᠨᠳᠦᠰᠦ ᠤᠬᠰᠠᠭ᠎ᠠ ᠪᠠᠨ ᠵᠠᠯᠭᠠᠮᠵᠢᠯᠠᠵᠤ ᠂ ᠰᠠᠶᠢᠨ ᠰᠠᠶᠢᠬᠠᠨ ᠠᠮᠢᠳᠤᠷᠠᠯ ᠢᠶᠡᠨ ᠴᠣᠬᠴᠠᠯᠠᠬᠰᠠᠭᠠᠷ ᠢᠷᠡᠭᠰᠡᠨ ᠪᠠᠶᠢᠨ᠎ᠠ ᠃ ᠡᠶᠢᠨᠬᠦ ᠂ ᠪᠢᠳᠠ ᠦᠨᠳᠦᠰᠦᠲᠡᠨ ᠦ ᠰᠢᠯᠢᠳᠡᠭ ᠣᠯᠠᠮᠵᠢᠯᠠᠯ ᠢ ᠵᠠᠯᠭᠠᠮᠵᠢᠯᠠᠨ ᠪᠠᠳᠠᠷᠠᠭᠤᠯᠵᠤ ᠂ ᠥᠭᠡᠳᠡ ᠲᠠᠢ ᠤᠷᠣᠭᠤ ᠲᠠᠢ ᠠᠮᠢᠳᠤᠷᠠᠯ ᠤᠨ ᠬᠠᠷᠭᠤᠢ ᠳ᠋ᠤ ᠠᠵᠢᠯᠴᠢ ᠠᠷᠪᠢᠴᠢ ᠲᠥᠪ ᠰᠤᠷᠲᠠᠯ ᠢ ᠡᠷᠬᠢᠮᠯᠡᠵᠦ ᠂ ᠰᠢᠨᠵᠢᠯᠡᠬᠦ ᠤᠬᠠᠭᠠᠨ ᠮᠡᠷᠭᠡᠵᠢᠯ ᠢᠶ᠋ᠡᠷ ᠠᠮᠢᠳᠤᠷᠠᠯ ᠠᠬᠤᠢ ᠪᠠᠨ ᠥᠭᠡᠳᠡ ᠲᠠᠲᠠᠵᠤ ᠂ ᠨᠡᠶᠢᠭᠡᠮ ᠵᠢᠷᠤᠮᠲᠤ ᠰᠢᠨ᠎ᠡ ᠬᠦᠳᠡᠭᠡ ᠲᠣᠰᠬᠤᠨ ᠤ ᠪᠦᠳᠦᠭᠡᠨ ᠪᠠᠶᠢᠭᠤᠯᠤᠯᠲᠠ ᠳ᠋ᠤ ᠢᠳᠡᠪᠬᠢ ᠤᠶᠢᠯᠡᠳᠦᠯ ᠦᠵᠡᠭᠦᠯᠦᠨ ᠴᠢᠷᠮᠠᠶᠢᠵᠠᠭᠠᠶ᠎ᠠ ︕
                            ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ