ᠬᠠᠤᠯᠢ ᠪᠠ ᠴᠡᠭᠡᠷ

ᠣᠩᠰᠢᠭᠰᠠᠨ ᠤᠳᠠᠭ᠎ᠠ ᠄ 6237     ᠨᠡᠶᠢᠳᠡᠯᠡᠭᠰᠡᠨ ᠴᠠᠭ ᠄ 2018/11/2 8:53:40

ᠬᠠᠤᠯᠢ ᠪᠠ ᠴᠡᠭᠡᠷ
        ᠯᠢ ᠪᠤᠶᠠᠨᠴᠤᠬᠯᠠ
ᠬᠠᠤᠯᠢ ᠪᠣᠯᠣᠨ ᠴᠡᠭᠡᠷ ᠢᠨᠦ
ᠬᠤᠪᠢ ᠬᠤᠪᠢᠨ ᠤ ᠣᠤᠨᠬ᠎ᠠ ᠲᠠᠢ
ᠬᠠᠶᠢᠨ ᠨᠢᠮᠪᠠᠢ ᠰᠢᠨᠵᠢᠬᠦᠶ᠎ᠡ
ᠬᠠᠷᠢᠯᠴᠢᠨ ᠨᠢᠬᠲᠠ ᠬᠣᠯᠪᠤᠭ᠎ᠠ ᠲᠠᠢ ᠃
ᠬᠠᠤᠯᠢ ᠪᠠ ᠴᠡᠭᠡᠷ ᠢᠨᠦ
ᠬᠦᠮᠦᠵᠢᠯ ᠰᠤᠷᠭᠠᠯ ᠶᠡᠬᠡᠲᠡᠢ ᠶᠤᠮ
ᠬᠦᠮᠦᠨ ᠪᠦᠬᠦᠨ ᠵᠢᠷᠤᠮᠯᠠᠪᠠᠰᠤ
ᠬᠥᠭᠵᠢᠯ ᠵᠢᠷᠭᠠᠯ ᠢᠶᠡᠨ ᠣᠯᠬᠤ ᠶᠤᠮ ᠃
ᠬᠠᠤᠯᠢ ᠪᠣᠯ ᠬᠠᠲᠠᠭᠤ ᠶᠣᠰᠣ
ᠬᠠᠷᠬᠢᠰ ᠰᠥᠷᠭᠡᠦ ᠶ᠋ᠢ ᠳᠠᠷᠤᠩᠭᠤᠶᠢᠯᠠᠨ᠎ᠠ
ᠬᠠᠭᠠᠨ ᠢ ᠪᠣᠯᠪᠠᠴᠤ ᠰᠢᠢᠳᠭᠡᠨ᠎ᠡ
ᠬᠠᠷᠠᠴᠤ ᠠᠷᠠᠳ ᠢ ᠠᠪᠤᠷᠠᠨ᠎ᠠ ᠃
ᠴᠡᠭᠡᠷ ᠭᠡᠭᠴᠢ ᠤᠯᠠᠮᠵᠢᠯᠠᠯᠲᠤ ᠶᠣᠰᠣ
ᠴᠠᠭᠠᠵᠠ ᠶ᠋ᠢᠨ ᠭᠠᠵᠠᠷ ᠤᠨ ᠳᠣᠬᠲᠠᠭᠠᠯ ᠪᠣᠰᠤ
ᠴᠢ ᠪᠢᠳᠡᠨ ᠦ ᠤᠬᠠᠮᠰᠠᠷᠲᠤ ᠠᠵᠢᠯᠯᠠᠭ᠎ᠠ
ᠴᠢᠩ ᠰᠡᠦᠨᠬᠢᠯ ᠡᠴᠡ ᠪᠡᠨ ᠵᠢᠷᠤᠮᠯᠠᠨ᠎ᠠ ᠃
ᠶᠣᠰᠣ ᠪᠠᠷ ᠲᠥᠷᠥ ᠶ᠋ᠢ ᠵᠠᠬᠢᠷᠬᠤ ᠳ᠋ᠤ
ᠬᠠᠤᠯᠢ ᠴᠠᠭᠠᠵᠠ ᠬᠡᠷᠡᠭ ᠲᠠᠢ
ᠵᠢᠷᠤᠮ ᠢᠶᠠᠷ ᠲᠦᠮᠡᠨ ᠢ ᠵᠠᠰᠠᠬᠤ ᠳ᠋ᠤ
ᠴᠡᠭᠡᠷ ᠶᠣᠰᠣ ᠴᠢᠬᠤᠯᠠ ᠲᠠᠢ ᠃
ᠴᠡᠭᠡᠷ ᠰᠠᠶᠢᠲᠠᠢ ᠮᠤᠩᠭᠤᠯᠴᠣᠤᠨ
ᠴᠢᠭᠡᠴᠢ ᠵᠢᠷᠤᠮᠲᠠᠨ ᠤ ᠮᠠᠩᠯᠠᠢ ᠶᠤᠮ
ᠴᠡᠭᠡᠷ ᠶᠣᠰᠣᠨ ᠢ ᠰᠠᠬᠢᠬᠴᠢ
ᠴᠡᠪᠡᠷ ᠠᠷᠢᠭᠤᠨ ᠬᠦᠮᠦᠰ ᠶᠤᠮ ᠃
ᠬᠠᠤᠯᠢ ᠪᠣᠯᠣᠨ ᠴᠡᠭᠡᠷ
ᠬᠦᠮᠦᠵᠢᠯ ᠰᠤᠷᠭᠠᠯ ᠰᠠᠶᠢᠲᠠᠢ ᠶᠤᠮ
ᠬᠦᠮᠦᠨ ᠪᠦᠬᠦᠨ ᠵᠢᠷᠤᠮᠯᠠᠨ ᠰᠠᠬᠢᠵᠤ
ᠬᠦᠰᠡᠯ ᠮᠥᠷᠦᠭᠡᠳᠦᠯ ᠢᠶ᠋ᠡᠨ ᠪᠡᠶᠡᠯᠡᠭᠦᠯᠦᠶ᠎ᠡ ︕
ᠢᠷᠡᠯᠳᠡ᠄ ᠨᠠᠶᠢᠷᠠᠭᠤᠯᠤᠭᠴᠢ᠄ ᠳᠤᠯᠠᠭᠠᠨ