ᠵᠣᠴᠢᠨ ᠤᠬᠳᠤᠬᠤ ᠳ᠋ᠦ ᠪᠣᠯᠪᠠᠰᠤᠨ ᠪᠠᠶᠢᠬᠤ ᠶ᠋ᠢ ᠠᠩᠬᠠᠷᠪᠠᠰᠤ ᠵᠣᠬᠢᠨ᠎ᠠ

ᠣᠩᠰᠢᠭᠰᠠᠨ ᠤᠳᠠᠭ᠎ᠠ ᠄ 5729     ᠨᠡᠶᠢᠳᠡᠯᠡᠭᠰᠡᠨ ᠴᠠᠭ ᠄ 2018/11/2 8:28:19

      ᠵᠣᠴᠢᠨ ᠤᠬᠳᠤᠬᠤ ᠳ᠋ᠤ ᠪᠣᠯᠪᠠᠰᠤᠨ ᠪᠠᠶᠢᠬᠤ ᠪᠣᠯ ᠮᠠᠨ ᠤ ᠮᠤᠩᠭᠤᠯᠴᠣᠤᠨ ᠤᠨ ᠤᠵᠤᠭᠤᠷ ᠡᠴᠠ ᠪᠠᠨ ᠠᠩᠬᠠᠷᠤᠨ ᠬᠦᠨᠳᠦᠦᠨᠬᠡᠭᠰᠡᠭᠡᠷ ᠢᠷᠡᠭᠰᠡᠨ ᠨᠢᠭᠡᠨ ᠤᠯᠠᠮᠵᠢᠯᠠᠯᠲᠤ ᠰᠠᠶᠢᠬᠠᠨ ᠵᠠᠩ ᠳᠠᠣᠨᠬᠠᠯ ᠪᠠᠶᠢᠭ᠎ᠠ ᠶᠤᠮ ᠃
ᠵᠣᠴᠢᠨ ᠢᠷᠡᠬᠦ ᠶ᠋ᠢ ᠤᠷᠢᠣᠨᠴᠢᠯᠠᠨ ᠮᠡᠳᠡᠪᠡᠯ ᠳᠠᠷᠤᠢ ᠭᠡᠷ ᠥᠷᠦᠭᠡ ᠂ ᠬᠦᠷᠢᠶ᠎ᠡ ᠬᠠᠰᠢᠶ᠎ᠠ ᠪᠠᠨ ᠴᠡᠪᠡᠷᠯᠡᠨ ᠲᠢᠭᠯᠡᠵᠦ ᠂ ᠤᠰᠤ ᠴᠠᠢ ᠂ ᠥᠷᠦᠮ᠎ᠡ ᠬᠣᠷᠣᠤᠨ ᠂ ᠪᠣᠣᠪᠣ ᠪᠣᠭᠤᠷᠰᠤᠭ ᠪᠡᠯᠡᠦᠨᠬᠡᠳᠡᠭ ᠃ ᠬᠡᠷᠪᠡ ᠭᠡᠨᠡᠦᠨᠲᠡ ᠪᠡᠷ ᠵᠣᠴᠢᠨ ᠢᠷᠡᠪᠡᠯ ᠡᠷᠦᠢ ᠬᠤᠷᠤᠢ ᠦᠭᠡᠢ ᠪᠠᠶᠢᠬᠰᠠᠨ ᠶᠠᠭᠤᠮ᠎ᠠ ᠪᠠᠨ ᠰᠠᠨᠳᠤᠷᠤᠨ ᠬᠤᠷᠢᠶᠠᠵᠤ ᠂ ᠵᠣᠴᠢᠨ ᠳ᠋ᠠᠭᠠᠨ ᠤᠰᠤ ᠴᠠᠢ ᠥᠭᠳᠡᠭ ᠃ ᠵᠣᠴᠢᠨ ᠯᠤᠭ᠎ᠠ ᠠᠭᠤᠯᠵᠠᠬᠤ ᠳ᠋ᠠᠭᠠᠨ ᠴᠡᠪᠡᠷ ᠠᠷᠢᠭᠤᠨ ᠢ ᠠᠩᠬᠠᠷᠳᠠᠭ ᠃ ᠦᠰᠦ ᠭᠡᠵᠢᠭᠡ ᠪᠡᠨ ᠥᠷᠪᠦᠶᠢᠯᠬᠡᠬᠦ ᠶ᠋ᠢ ᠣᠨᠴᠠ ᠬᠢᠴᠢᠶᠡᠳᠡᠭ ᠃ ᠤᠳᠠᠭᠠᠨ ᠡᠳᠥᠷ ᠠᠭᠤᠯᠵᠠᠭ᠎ᠠ ᠦᠭᠡᠢ ᠠᠬ᠎ᠠ ᠳᠡᠭᠦᠦ ᠲᠥᠷᠥᠯ ᠰᠠᠳᠤᠨ ᠢᠷᠡᠪᠡᠯ ᠵᠠᠪᠠᠯ ᠬᠣᠭᠣᠯᠠ ᠪᠣᠳᠠᠭ᠎ᠠ ᠢᠳᠡᠭᠦᠯᠦᠭᠡᠳ ᠰᠠᠶᠢ ᠶᠠᠪᠤᠭᠤᠯᠳᠠᠭ ᠃ ᠥᠷᠭᠦᠯᠵᠢ ᠢᠷᠡᠳᠡᠭ ᠵᠣᠴᠢᠨ ᠴᠤ ᠬᠣᠭᠤᠯᠠᠠ ᠳᠡᠭᠡᠷ᠎ᠡ ᠬᠠᠷᠭᠤᠪᠠᠯ ᠬᠣᠭᠤᠯᠠᠠ ᠰᠢᠷᠡᠭᠡᠨ ᠳ᠋ᠦ ᠬᠥᠩᠬᠡᠮᠰᠦᠭ ᠢᠶ᠋ᠡᠷ ᠵᠠᠯᠠᠳᠠᠭ ᠃ ᠨᠡᠩ ᠢᠯᠠᠩᠭᠤᠶ᠎ᠠ ᠪᠤᠭᠤᠷᠤᠯ ᠨᠠᠰᠤᠲᠠᠶᠢᠴᠤᠳ ᠢ ᠶᠣᠰᠤᠷᠬᠠᠭ ᠢᠶᠠᠷ ᠤᠬᠳᠤᠨ ᠬᠢᠴᠢᠶᠡᠩᠭᠦᠢ ᠪᠡᠷ ᠬᠠᠨᠳᠤᠵᠤ ᠲᠣᠳᠤᠨᠤᠰᠤᠭ ᠢᠶᠠᠷ ᠳᠠᠶᠢᠯᠠᠳᠠᠭ ᠪᠠᠶᠢᠨ᠎ᠠ ᠃ ᠮᠤᠩᠭᠤᠯ ᠬᠦᠮᠦᠨ ᠶᠡᠷᠦᠨᠢ ᠲᠤᠶᠢᠯ ᠤᠨ ᠵᠣᠴᠢᠨᠰᠠᠭ ᠪᠠᠶᠢᠵᠤ ︿ ︿ ᠶᠠᠮᠠᠷ ᠴᠤ ᠬᠦᠮᠦᠨ ᠳ᠋ᠦ ᠶᠡᠩ ᠬᠡᠷᠡᠭᠲᠡᠢ ᠂ ᠶᠠᠮᠠᠨᠳᠠᠭ ᠪᠤᠷᠬᠠᠨ ᠳ᠋ᠤ ᠰᠠᠩ ᠬᠡᠷᠡᠭᠲᠡᠢ ﹀ ﹀ ᠭᠡᠵᠦ ᠬᠡᠯᠡᠳᠡᠭ ᠃ ᠵᠣᠴᠢᠨ ᠤ ᠡᠮᠦᠨ᠎ᠡ ᠭᠡᠷ ᠵᠠᠭᠤᠷ᠎ᠠ ᠪᠠᠨ ᠦᠭᠡ ᠪᠤᠯᠢᠶᠠᠯᠳᠤᠬᠤ ᠦᠷ᠎ᠡ ᠬᠡᠦᠬᠡᠳ ᠢᠶ᠋ᠡᠨ ᠠᠬᠰᠤᠷᠴᠤ ᠵᠠᠩᠳᠤᠷᠬᠤ ᠶ᠋ᠢ ᠡᠷᠡᠰ ᠴᠡᠭᠡᠷᠯᠡᠳᠡᠭ ᠃ ᠵᠣᠴᠢᠨ ᠤ ᠡᠮᠦᠨ᠎ᠡ ᠡᠶᠢᠮᠦ ᠦᠵᠡᠭᠳᠡᠯ ᠭᠠᠷᠭᠠᠪᠠᠯ ᠵᠣᠴᠢᠨ ᠢᠶᠡᠨ ᠬᠦᠩᠬᠡᠪᠴᠢᠯᠡᠨ ᠬᠥᠬᠡᠬᠡᠵᠦ ᠪᠠᠶᠢᠬᠤ ᠰᠢᠭ᠋ ᠪᠣᠯᠬᠤᠷ ᠶᠣᠰᠣ ᠮᠤᠷᠠᠯ ᠦᠭᠡᠢ ᠳ᠋ᠦ ᠲᠣᠭᠠᠴᠠᠬᠳᠠᠨ᠎ᠠ ᠃
      ᠡᠶᠢᠨᠬᠦ ᠵᠣᠴᠢᠨ ᠤᠬᠳᠤᠨ ᠳᠠᠶᠢᠯᠠᠬᠤ ᠳ᠋ᠤ ᠪᠣᠯᠪᠠᠰᠤᠨ ᠪᠠᠶᠢᠬᠤ ᠶ᠋ᠢ ᠠᠩᠬᠠᠷᠴᠤ ᠂ ᠪᠢᠳᠠ ᠪᠦᠭᠦᠳᠡᠭᠡᠷ ᠶᠠᠭᠤ ᠪᠦᠬᠦᠨ ᠳ᠋ᠦ ᠮᠤᠩᠭᠤᠯ ᠤᠨ ᠰᠠᠶᠢᠨ ᠰᠠᠶᠢᠬᠠᠨ ᠤᠯᠠᠮᠵᠢᠯᠠᠯᠲᠤ ᠵᠠᠩ ᠳᠠᠣᠨᠬᠠᠯ ᠢᠶᠡᠨ ᠲᠠᠶᠠᠬᠳᠠᠯ ᠦᠭᠡᠢ ᠪᠡᠷ ᠪᠠᠷᠢᠮᠲᠠᠯᠠᠨ ᠪᠠᠳᠠᠷᠠᠭᠤᠯᠵᠤ ᠶᠠᠪᠤᠵᠠᠭᠠᠶ᠎ᠠ ︕
                                     
                                            ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ