ᠵᠣᠭᠤᠰ

ᠣᠩᠰᠢᠭᠰᠠᠨ ᠤᠳᠠᠭ᠎ᠠ ᠄ 6303     ᠨᠡᠶᠢᠳᠡᠯᠡᠭᠰᠡᠨ ᠴᠠᠭ ᠄ 2018/11/1 9:35:40

       ᠵᠣᠭᠤᠰ
             ᠯᠢ ᠪᠤᠶᠠᠨᠴᠤᠬᠯᠠ
ᠵᠣᠭᠤᠰ-
ᠣᠯᠪᠠᠯ ᠵᠠᠷᠤᠬᠤ ᠶᠠᠭᠤᠮ᠎ᠠ
ᠦᠭᠡᠢ ᠪᠣᠯ ᠣᠯᠬᠤ ᠶᠠᠭᠤᠮ᠎ᠠ
ᠵᠣᠭᠤᠰ-
ᠠᠷᠪᠢᠨ ᠪᠣᠯᠪᠠᠯ ᠠᠶᠤᠮᠠᠷ ᠶᠠᠭᠤᠮ᠎ᠠ
ᠬᠣᠪᠣᠷ ᠪᠣᠯᠪᠠᠯ ᠬᠠᠶᠢᠷᠠᠯᠠᠮᠠᠷ ᠶᠠᠭᠤᠮ᠎ᠠ
ᠵᠤᠭᠤᠰ-
ᠠᠵᠢᠯ ᠤᠶᠢᠯᠡᠰ ᠤᠨ ᠲᠥᠯᠬᠢᠴᠡ ᠬᠦᠴᠦᠨ
ᠠᠳᠠᠯ ᠠᠮᠢᠳᠤᠷᠠᠯ ᠤᠨ ᠲᠥᠰᠢᠭ ᠬᠠᠨᠢᠲᠠᠨ
ᠵᠣᠭᠤᠰ-
ᠵᠣᠷᠢᠭ ᠲᠠᠢ ᠬᠦᠮᠦᠨ ᠢ ᠡᠷᠢᠵᠦ ᠢᠷᠡᠳᠡᠭ
ᠵᠣᠪᠠᠯᠠᠩ ᠲᠠᠢ ᠬᠦᠮᠦᠨ ᠢ ᠳᠡᠮᠵᠢᠵᠦ ᠶᠠᠪᠤᠳᠠᠭ
ᠵᠣᠭᠤᠰ-
ᠣᠯᠵᠤ ᠯᠠ ᠪᠠᠶᠢᠪᠠᠯ ᠣᠮᠣᠬᠰᠢᠯ ᠪᠣᠯᠳᠠᠭ
ᠣᠯᠬᠤ ᠦᠭᠡᠢ ᠪᠣᠯ ᠭᠤᠨᠢᠬᠯᠠᠯ ᠪᠣᠯᠳᠠᠭ
ᠵᠣᠭᠤᠰ-
ᠵᠢᠷᠭᠠᠯ ᠤᠨ ᠰᠠᠬᠢᠭᠤᠰᠤ ᠪᠠᠶᠢᠵᠤ ᠲᠠᠭᠠᠷᠠᠨ᠎ᠠ
ᠵᠣᠪᠠᠨᠢᠯ ᠤᠨ ᠦᠨᠳᠦᠰᠦ ᠪᠣᠯᠵᠤ ᠮᠡᠳᠡᠨ᠎ᠡ
ᠵᠣᠭᠤᠰ-
ᠬᠦᠨᠡᠰᠦ ᠶ᠋ᠢ ᠴᠢᠨᠢ ᠵᠠᠯᠭᠠᠭᠤᠯᠬᠤ ᠷᠢᠳᠢ ᠲᠠᠢ
ᠰᠦᠨᠡᠰᠦ ᠶ᠋ᠢ ᠴᠢᠨᠢ ᠵᠠᠶᠢᠯᠠᠭᠤᠯᠬᠤ ᠰᠢᠳᠢ ᠲᠠᠢ
ᠵᠣᠭᠤᠰ-
 ᠡᠪᠡᠦᠨᠴᠢᠨ ᠲᠠᠢ ᠬᠦᠮᠦᠨ ᠢ ᠡᠳᠡᠭᠡᠬᠦ ᠴᠢᠳᠠᠯ ᠲᠠᠢ
ᠡᠷᠡᠭᠦᠯ ᠬᠦᠮᠦᠨ ᠢ ᠦᠬᠦᠭᠦᠯᠬᠦ ᠣᠪᠢᠳᠠᠰ ᠲᠠᠢ
ᠵᠣᠭᠤᠰ-
ᠬᠠᠶᠢᠷᠠᠬᠠᠨ ᠪᠣᠯᠵᠤ ᠳᠡᠦᠭᠦᠳᠡᠭ ᠳᠠᠣᠨᠬᠠᠯ ᠲᠠᠢ
ᠬᠣᠤᠷᠲᠠᠨ ᠪᠣᠯᠵᠤ ᠲᠥᠢᠪᠡᠭᠡᠳᠡᠭ ᠵᠠᠩᠰᠢᠯ ᠲᠠᠢ
ᠵᠣᠭᠤᠰ-
ᠵᠥᠪ ᠵᠠᠮ ᠢᠶᠠᠷ ᠣᠯᠪᠠᠰᠤ ᠡᠷᠳᠡᠨᠢ ᠪᠣᠯᠠᠢ
ᠵᠦᠷᠢᠭᠦᠦ ᠵᠠᠮ ᠢᠶᠠᠷ ᠡᠷᠢᠪᠡᠰᠦ ᠡᠷᠯᠢᠭ ᠪᠤᠶᠤ
ᠢᠷᠡᠯᠳᠡ᠄ ᠨᠠᠶᠢᠷᠠᠭᠤᠯᠤᠭᠴᠢ᠄ ᠳᠤᠯᠠᠭᠠᠨ