ᠲᠤᠭᠤᠷ ᠤᠨ ᠠᠭᠤᠯᠠ ᠶ᠋ᠢᠨ ᠲᠤᠮᠤᠭ

ᠣᠩᠰᠢᠭᠰᠠᠨ ᠤᠳᠠᠭ᠎ᠠ ᠄ 7236     ᠨᠡᠶᠢᠳᠡᠯᠡᠭᠰᠡᠨ ᠴᠠᠭ ᠄ 2018/11/1 8:55:17

                     ᠲᠤᠭᠤᠷ ᠤᠨ ᠠᠭᠤᠯᠠ ᠶ᠋ᠢᠨ ᠲᠤᠮᠤᠭ

      ᠨᠠᠢᠮᠠᠨ ᠬᠤᠰᠢᠭᠣᠨ ᠤ ᠡᠮᠦᠨ᠎ᠡ ᠵᠠᠬ᠎ᠠ ᠲᠦᠴᠸᠩᠽᠢ ᠰᠢᠶᠠᠩ ᠤᠨ ᠬᠤᠸᠠ ᠵᠢᠢ ᠢᠩᠽᠢ ᠲᠤᠰᠬᠤᠨ ᠤ ᠪᠠᠷᠠᠭᠤᠨ ᠳ᠋ᠠᠬᠢ 4 ᠭᠠᠵᠠᠷ ᠤᠨ ᠵᠠᠶᠢᠲᠠᠢ ᠫᠢᠩ ᠳ᠋ᠢᠩ ᠱᠠᠨ ᠲᠤᠰᠬᠤᠨ ᠤ ᠡᠮᠦᠨ᠎ᠡ ᠂ ᠲᠦᠯᠦᠪ ᠪᠠᠶᠢᠳᠠᠯ ᠨᠢ ᠲᠤᠭᠤᠷ ᠮᠡᠲᠦ ᠠᠭᠤᠯᠠ ᠪᠠᠶᠢᠵᠤ ᠬᠦᠮᠦᠰ ︿ ︿ ᠲᠤᠭᠤᠷ ᠤᠨ ᠠᠭᠤᠯᠠ ﹀ ﹀ ᠭᠡᠳᠡᠭ ᠃

       ᠡᠭᠦᠨ ᠳ᠋ᠦ᠋ᠷ ᠡᠶᠢᠮᠦ ᠨᠢᠭᠡᠨ ᠲᠤᠮᠤᠭ ᠪᠤᠢ ᠃  ᠡᠷᠲᠡ ᠤᠷᠢᠳᠤ ᠳ᠋ᠥ ᠲᠤᠭᠤᠷ ᠤᠨ ᠠᠭᠤᠯᠠ ᠶ᠋ᠢᠨ ᠬᠠᠪᠢ ᠳ᠋ᠥ ᠨᠢᠭᠡᠨ ᠭᠤᠸᠠᠨ ᠣᠪᠤᠬᠳᠤ ᠪᠠᠶᠠᠨ ᠬᠦᠮᠦᠨ ᠰᠠᠭᠤᠵᠤ ᠪᠠᠶᠢᠵᠠᠢ ᠃ ᠲᠡᠷᠡ ᠪᠠᠷ 99 ᠠᠳᠤᠭᠤ ᠲᠠᠢ ᠂ ᠠᠳᠤᠭᠤᠴᠢᠨ ᠨᠢ ᠡᠳᠦᠷ ᠪᠦᠷᠢ ᠲᠤᠭᠤᠷ ᠤᠨ ᠠᠭᠤᠯᠠ ᠶ᠋ᠢᠨ ᠵᠠᠬ᠎ᠠ ᠪᠠᠷ ᠣᠴᠢᠵᠤ ᠠᠲᠤᠭᠤ ᠪᠠᠨ ᠠᠳᠤᠭᠤᠯᠠᠳᠠᠭ ᠃ ᠬᠠᠴᠢᠨ ᠭᠡᠪᠡᠯ 99 ᠠᠳᠤᠭᠤ ᠨᠢ ᠲᠤᠭᠤᠷ ᠤᠨ ᠠᠭᠤᠯᠠ ᠶ᠋ᠢᠨ ᠵᠠᠬ᠎ᠠ ᠳ᠋ᠥ ᠬᠦᠷᠪᠡᠯ 100 ᠪᠤᠯᠴᠢᠬᠠᠳᠠᠭ ᠃ ᠠᠳᠤᠭᠤᠴᠢᠨ ᠨᠢ ᠡᠨᠡ ᠤᠴᠢᠷ ᠢ ᠨᠢᠭᠡᠨ ᠡᠳᠦᠷ ᠭᠤᠸᠠᠨ ᠣᠪᠣᠬᠳᠤ ᠭᠡᠷ ᠦᠨ ᠡᠵᠡᠨ ᠳ᠋ᠡᠬᠡᠨ ᠬᠡᠯᠡᠵᠡᠢ ᠃ ᠭᠤᠸᠠᠨ ᠣᠪᠣᠬᠳᠤ ᠰᠣᠨᠤᠰᠤᠨ ᠭᠠᠶᠢᠬᠠᠬᠤ ᠶ᠋ᠢᠨ ᠳᠠᠭᠠᠤ ᠪᠠᠶᠠᠷᠯᠠᠨ ᠂ ᠨᠠᠰᠤᠲᠠᠨ ᠡᠴᠠ ᠰᠤᠨᠤᠰᠤᠬᠰᠠᠨ ᠲᠤᠭᠤᠷ ᠤᠨ  ᠠᠭᠤᠯᠠᠨ ᠳ᠋ᠥ ᠠᠯᠲᠠᠨ ᠤᠨᠠᠭ᠎ᠠ ᠪᠠᠶᠢᠨ᠎ᠠ ᠭᠡᠰᠡᠨ ᠦᠭᠡ ᠶ᠋ᠢ ᠦᠨᠡᠮᠰᠢᠵᠦ ᠂ ᠠᠯᠲᠠᠨ ᠤᠨᠠᠭ᠎ᠠ ᠶ᠋ᠢ ᠪᠠᠷᠢᠵᠤ ᠠᠪᠬᠤ  ᠪᠣᠳᠤᠯᠭ᠎ᠠ ᠣᠷᠤᠵᠠᠢ ᠃ ᠨᠢᠭᠡᠨ  ᠣᠷᠤᠢ ᠠᠯᠲᠠᠨ ᠤᠨᠠᠭ᠎ᠠ ᠶ᠋ᠢ ᠪᠠᠷᠢᠬᠤ ᠰᠤᠷ ᠨᠤᠬᠳᠤ ᠪᠡᠯᠡᠦᠨᠬᠡᠨ ᠂ ᠳᠠᠷᠠᠭ᠎ᠠ  ᠡᠳᠦᠷ  ᠶᠢᠨ ᠥᠷᠯᠦᠭᠡ ᠠᠳᠤᠭᠤᠴᠢᠨ ᠢᠶᠡᠨ ᠳᠠᠭᠠᠵᠤ ᠠᠯᠲᠠᠨ ᠤᠨᠠᠭ᠎ᠠ ᠶ᠋ᠢ ᠪᠠᠷᠢᠵᠤ ᠠᠪᠬᠤ ᠪᠠᠷ 99 ᠠᠳᠤᠭᠤ ᠪᠠᠨ ᠳᠠᠭᠤᠵᠤ ᠭᠠᠷᠴᠠᠢ ᠃ ᠲᠤᠭᠤᠷ ᠤᠨ

ᠠᠭᠤᠯᠠ ᠬᠦᠷᠬᠦ ᠳ᠋ᠥ ᠠᠳᠤᠭᠤ ᠨᠢ ᠦᠨᠡᠬᠡᠷ 100 ᠪᠤᠯᠴᠢᠬᠠᠵᠠᠢ ᠃ ᠭᠤᠸᠠᠨ ᠣᠪᠤᠬᠳᠤ ᠪᠠᠶᠠᠨ ᠰᠠᠶᠢᠳᠤᠷ ᠰᠢᠨᠵᠢᠨ ᠠᠵᠢᠬᠯᠠᠬᠤᠶ᠎ᠠ ᠣᠨᠴᠠᠭᠠᠢ ᠨᠢᠭᠡᠨ ᠮᠣᠷᠢᠨ ᠡᠴᠠ ᠦᠨᠡᠬᠡᠷ ᠠᠯᠲᠠᠨ ᠲᠤᠶᠠᠭ᠎ᠠ ᠰᠠᠴᠤᠷᠠᠨ ᠰᠦᠷ ᠭᠡᠷᠡᠯ ᠬᠢᠵᠠᠭᠠᠯᠠᠰᠢ ᠦᠭᠡᠢ ᠃ ᠭᠤᠸᠠᠨ ᠣᠪᠣᠬᠳᠤ ᠪᠠᠶᠠᠨ ᠭᠦᠶᠦᠨ ᠬᠦᠷᠴᠦ ᠨᠤᠬᠳᠤᠯᠠᠨ ᠠᠪᠴᠤ ᠶᠠᠪᠤᠬᠤ ᠶ᠋ᠢ ᠵᠠᠪᠳᠤᠳᠠᠯ᠎ᠠ ᠠᠯᠲᠠᠨ ᠤᠨᠠᠭ᠎ᠠ ᠭᠡᠨᠡᠦᠨᠲᠡ ᠳᠡᠭᠡᠭᠰᠢ ᠳᠡᠭᠲᠡᠨ ᠠᠭᠠᠷ ᠳ᠋ᠤᠷ ᠭᠠᠷᠬᠤ ᠳ᠋ᠥ ᠲᠡᠷᠡ ᠪᠠᠶᠠᠨ ᠲᠠᠯᠪᠢᠯ ᠦᠭᠡᠢ ᠴᠠᠩᠭᠠᠭᠠᠵᠤ ᠂ ᠠᠯᠲᠠᠨ ᠤᠨᠠᠭ᠎ᠠ ᠳᠡᠭᠳᠡᠬᠦ ᠳᠤᠳᠤᠮ ᠳᠡᠭᠡᠭᠰᠢ ᠭᠠᠷᠬᠤ ᠳ᠋ᠥ ᠭᠤᠸᠠᠨ ᠣᠪᠤᠬᠳᠤ ᠪᠠᠶᠠᠨ ᠳᠡᠰᠭᠡᠯ ᠦᠭᠡᠢ ᠨᠤᠬᠳᠤ ᠪᠠᠨ ᠠᠯᠳᠠᠵᠤ ᠂ ᠭᠠᠵᠠᠷ ᠤᠨᠠᠵᠤ ᠰᠠᠪᠠᠬᠳᠠᠨ ᠦᠬᠦᠵᠡᠢ ᠃   

      ᠠᠯᠲᠠᠨ ᠤᠨᠠᠭ᠎ᠠ ᠡᠭᠦᠨ ᠡᠴᠡ ᠬᠤᠶᠢᠰᠢ ᠲᠤᠭᠤᠷ ᠤᠨ ᠠᠭᠤᠯᠠᠨ ᠳ᠋ᠥ ᠪᠠᠷ᠎ᠠ ᠳᠠᠰᠤᠷᠠᠵᠤ ᠳᠠᠬᠢᠨ

ᠬᠠᠷᠠᠬᠳᠠᠬᠰᠠᠨ ᠦᠭᠡᠢ ᠃ ᠬᠣᠵᠢᠮ ᠤᠨ ᠬᠦᠮᠦᠰ ᠬᠡᠯᠡᠯᠴᠡᠬᠦ ᠨᠢ ᠂ ᠠᠯᠲᠠᠨ ᠤᠨᠠᠭ᠎ᠠ ᠶ᠋ᠢ ᠭᠠᠬᠴᠠᠬᠦ ᠴᠠᠬᠢᠯᠳᠠᠭ ᠢᠶᠠᠷ ᠭᠦᠷᠦᠭᠰᠡᠨ ᠨᠤᠬᠳᠤ ᠪᠠᠷ ᠰᠠᠶᠢ ᠪᠠᠷᠢᠵᠤ ᠲᠡᠶᠢᠯᠦᠨ᠎ᠡ ᠭᠡᠨ᠎ᠡ ᠃ ᠵᠠᠷᠢᠮ ᠬᠦᠮᠦᠨ ᠠᠯᠲᠠᠨ ᠤᠨᠠᠭ᠎ᠠ ᠲᠡᠭᠷᠢ ᠳ᠋ᠤᠷ ᠭᠠᠷᠤᠯ᠎ᠠ ᠭᠡᠨ᠎ᠡ ᠃ ᠵᠠᠷᠢᠮ ᠬᠦᠮᠦᠨ ᠠᠯᠲᠠᠨ ᠤᠨᠠᠭ᠎ᠠ ᠮᠠᠩᠭᠣᠤᠨ ᠭᠣᠤᠯ  ᠂ ᠨᠠᠷᠢᠳ ᠤᠨ ᠭᠣᠤᠯ ᠤᠨ ᠲᠡᠭᠡᠬᠦᠢ ᠦᠩᠭᠡᠷᠡᠨ ᠲᠠᠷᠭᠤᠨ ᠨᠠᠭᠤᠷ   ᠲᠤ ᠣᠷᠤᠵᠦ ᠤᠯᠠᠭᠠᠨ ᠰᠡᠭᠦᠯᠳᠦ ᠮᠦᠷᠭᠦ ᠵᠢᠭᠠᠰᠤ ᠪᠤᠯᠤᠬᠰᠠᠨ ᠭᠡᠨ᠎ᠡ ᠃ ᠬᠣᠵᠢᠮ ᠤᠨ ᠬᠦᠮᠦᠰ ᠲᠤᠭᠤᠷ ᠤᠨ ᠠᠭᠤᠯᠠ ᠶ᠋ᠢ ᠶᠡᠬᠡᠪᠡᠷ ᠨᠡᠭᠡᠭᠡᠨ ᠮᠠᠯᠲᠠᠵᠤ ᠂ ᠦᠩᠭᠡᠷᠡᠭᠰᠡᠨ ᠦ ᠦᠵᠡᠮᠵᠢ ᠲᠥᠷᠬᠦ ᠪᠠᠨ ᠠᠯᠳᠠᠬᠰᠠᠨ ᠠᠨᠤ ᠬᠠᠷᠠᠮᠰᠠᠯᠲᠠᠢ ᠪᠤᠶᠤ ᠃


                                   ᠯᠢ ᠪᠤᠶᠠᠨᠴᠤᠭᠯᠠ


ᠢᠷᠡᠯᠳᠡ᠄ ᠨᠠᠶᠢᠷᠠᠭᠤᠯᠤᠭᠴᠢ᠄ ᠳᠤᠯᠠᠭᠠᠨ