ᠪᠣᠯᠪᠠᠰᠤᠨ ᠮᠤᠷᠠᠯᠳᠤ ᠰᠠᠶᠢᠨ ᠣᠮᠪᠣᠯᠣ ᠪᠡᠷᠢ- ᠪᠣᠤ ᠶᠢᠩᠴᠦᠢᠨ

ᠣᠩᠰᠢᠭᠰᠠᠨ ᠤᠳᠠᠭ᠎ᠠ ᠄ 32673     ᠨᠡᠶᠢᠳᠡᠯᠡᠭᠰᠡᠨ ᠴᠠᠭ ᠄ 2018/11/1 8:39:43

      ᠪᠣᠤ ᠶᠢᠩᠴᠦᠢᠨ ᠪᠣᠯ ᠨᠠᠢᠮᠠᠨ ᠬᠤᠰᠢᠭᠤᠨ ᠤ ᠳᠠᠴᠢᠨᠲᠠᠯ᠎ᠠ ᠪᠠᠯᠭᠠᠰᠤᠨ ᠤ ᠮᠥᠩᠬᠡ ᠭᠠᠴᠠᠭᠠᠨ ᠤ ᠨᠠᠮ ᠤᠨ ᠡᠭᠦᠷ ᠦᠨ ᠡᠩ ᠦᠨ ᠨᠢᠭᠡᠨ ᠬᠡᠰᠢᠭᠦᠨ ᠃ 1978 ᠣᠨ ᠤ ᠪᠣᠲᠠᠭᠠᠯᠢ  ᠃ ᠲᠡᠷᠡ  ᠬᠠᠷᠠᠬᠠᠨ ᠪᠠᠭ᠎ᠠ ᠡᠴᠠ ᠪᠠᠨ ᠴᠢᠷᠮᠠᠶᠢᠨ ᠰᠤᠷᠤᠯᠴᠠᠵᠤ ᠰᠢᠮᠳᠠᠨ ᠠᠵᠢᠯᠯᠠᠨ 20 ᠨᠠᠰᠤᠲᠠᠢ ᠳᠣᠮᠳᠠᠳᠤ ᠤᠯᠤᠰ ᠤᠨ ᠡᠪ ᠬᠠᠮᠳᠤ ᠨᠠᠮ ᠳ᠋ᠤ ᠡᠯᠰᠡᠭᠳᠡᠨ ᠲᠣᠮᠤᠭ᠎ᠠ ᠰᠠᠶᠢᠲᠠᠢ ᠳᠣᠳᠤᠷ᠎ᠠ ᠲᠠᠮᠢᠷᠯᠢᠭ ᠪᠠᠶᠢᠵᠤ ᠠᠶᠢᠯ ᠲᠣᠰᠬᠤᠨ ᠤ ᠺᠠᠳ᠋ᠷ ᠪᠣᠯᠵᠤ ᠡᠮᠡᠭᠲᠡᠶᠢᠴᠦᠳ ᠦᠨ ᠠᠵᠢᠯ ᠢ ᠬᠠᠷᠢᠭᠤᠴᠠᠵᠤ ᠶᠠᠪᠤᠵᠠᠢ ᠃ 1999 ᠣᠨ ᠳ᠋ᠤ ᠮᠥᠩᠬᠡ ᠠᠶᠢᠯ ᠤᠨ ᠠᠵᠢᠯᠴᠢ ᠵᠠᠯᠠᠭᠤ ᠯᠢ ᠬᠠᠰᠪᠠᠭᠠᠨ᠎ᠠ ᠲᠠᠢ ᠤᠷᠤᠭ ᠬᠣᠯᠪᠤᠨ ᠬᠣᠷᠢᠭᠠᠳ ᠵᠢᠯ ᠦᠨ ᠲᠣᠷᠰᠢ ᠥᠲᠡᠯᠦᠭᠡ ᠨᠠᠰᠤᠨ ᠤ ᠬᠠᠳᠠᠮ ᠡᠪᠦᠭᠡ ᠬᠠᠳᠠᠮ ᠡᠮᠡᠭᠡ ᠪᠡᠨ ᠠᠰᠠᠷᠠᠨ ᠬᠠᠷᠠᠭᠠᠯᠵᠠᠬᠤ ᠬᠥᠨᠳᠦ ᠪᠦᠭᠡᠦᠨ ᠪᠣᠳᠠᠲᠠᠢ ᠬᠢᠬᠦ ᠡᠳᠥᠷ ᠲᠣᠳᠤᠮ ᠤᠨ ᠠᠵᠢᠯ ᠢ ᠬᠠᠷᠢᠭᠤᠴᠠᠨ ᠡᠭᠦᠷᠭᠡᠯᠡᠵᠦ ᠂ ᠥᠨᠥᠳᠥᠷ ᠦᠨ ᠨᠠᠮ ᠤᠨ ᠵᠢᠭᠠᠪᠤᠷᠢ ᠡᠷᠲᠡᠨ ᠦ ᠮᠤᠩᠭᠤᠯ ᠤᠨ ᠵᠣᠷᠰᠢᠯ ᠢ ᠵᠢᠷᠤᠮᠯᠠᠨ ᠂ ᠥᠷᠯᠦᠭᠡ ᠦᠳᠡᠰᠢ ᠶ᠋ᠢ ᠲᠡᠮᠡᠴᠡᠨ ᠡᠳᠥᠷ ᠰᠦᠨᠢ ᠶ᠋ᠢ ᠡᠭᠡᠯᠵᠢᠯᠡᠨ ᠴᠢᠷᠮᠠᠶᠢᠨ ᠵᠢᠦᠨᠬᠦᠵᠦ ᠨᠠᠰᠤᠲᠠᠨ ᠢᠶᠡᠨ ᠠᠰᠠᠷᠠᠨ ᠨᠢᠯᠬᠠᠰ ᠢᠶᠡᠨ ᠲᠣᠳᠤᠮᠳᠠᠬᠤ ᠶ᠋ᠢ ᠭᠡᠷ ᠪᠦᠯᠢ ᠶ᠋ᠢᠨ ᠲᠡᠷᠢᠭᠦᠨ ᠴᠢᠬᠤᠯᠠ ᠰᠠᠬᠢᠯ ᠪᠣᠯᠭᠠᠨ ᠴᠠᠭ ᠢᠮᠠᠬᠲᠠ ᠵᠢᠷᠤᠮᠯᠠᠨ ᠭᠦᠢᠴᠡᠦᠨᠬᠡᠵᠦ ᠂ ᠥᠪ ᠦᠨᠡᠨᠬᠦ ᠦᠷ᠎ᠡ ᠪᠡᠷᠢ ᠮᠤᠩᠭᠤᠯ ᠬᠡᠦᠬᠡᠨ ᠦ ᠶᠣᠰᠤᠭᠠᠷ ᠵᠢᠷᠤᠮ ᠪᠠᠳᠦ ᠶ᠋ᠢ ᠳᠡᠭᠡᠳᠦᠯᠡᠨ ᠤᠶᠢᠯᠡᠰ ᠠᠮᠢᠳᠤᠷᠠᠯ ᠢᠶᠡᠨ ᠥᠭᠡᠳᠡ ᠲᠠᠢ ᠡᠰᠡᠷᠡᠭ ᠲᠠᠢ ᠡᠷᠭᠦᠨ ᠶᠠᠪᠤᠵᠠᠢ ᠃ ᠬᠠᠳᠠᠮ ᠡᠪᠦᠭᠡ ᠬᠠᠳᠠᠮ ᠡᠮᠡᠭᠡ ᠪᠡᠨ ᠬᠣᠪᠢᠨ ᠤ ᠠᠪᠤ᠋ ᠡᠵᠢ ᠡᠴᠡ ᠪᠡᠨ ᠳᠤᠲᠠᠭᠤ ᠦᠭᠡᠢ ᠬᠦᠨᠳᠦᠦᠨᠬᠡᠨ ᠬᠠᠷᠠᠭᠠᠯᠵᠠᠵᠤ ᠠᠰᠠᠷᠠᠨ ᠡᠳ᠋ᠯᠡᠵᠦ ᠬᠠᠳᠠᠮ ᠡᠪᠦᠭᠡ ᠨᠢ 85 ᠨᠠᠰᠤᠯᠠᠵᠤ ᠂ ᠬᠠᠳᠠᠮ ᠡᠪᠦᠭᠡ ᠪᠡᠨ ᠰᠡᠦᠨᠬᠢᠯ ᠲᠡᠨᠢᠭᠦᠨ ᠰᠠᠨᠠᠭ᠎ᠠ ᠠᠮᠤᠷ ᠪᠤᠷᠬᠠᠨ ᠣᠷᠣᠨ ᠳ᠋ᠤ ᠬᠦᠷᠭᠡᠵᠡᠢ ᠃

      ᠣᠳᠣᠬᠠᠨ ᠳ᠋ᠤ 92 ᠨᠠᠰᠤ ᠲᠠᠢ ᠬᠠᠳᠠᠮ ᠡᠮᠡᠭᠡ ᠪᠡᠨ ᠶᠠᠭ ᠯᠠ ᠬᠡᠦᠬᠡᠳ ᠰᠢᠭ ᠢᠶ᠋ᠡᠷ ᠠᠰᠠᠷᠠᠵᠤ ᠬᠦᠨᠳᠦ ᠡᠪᠡᠦᠨᠴᠢᠨ ᠲᠠᠢ ᠰᠠᠶᠢᠳᠤᠷ ᠰᠣᠪᠢᠯᠠᠵᠤ ᠪᠤᠢ ᠃ ᠡᠷᠭᠦᠵᠦ ᠪᠣᠰᠬᠠᠨ᠎ᠠ ᠂ ᠲᠥᠰᠢᠵᠦ ᠬᠡᠪᠲᠡᠭᠦᠯᠦᠨ᠎ᠡ ᠂ ᠡᠳᠥᠷ ᠦᠨ ᠬᠡᠳᠦ ᠤᠳᠠᠭ᠎ᠠ ᠃ ᠴᠠᠭ ᠴᠠᠭ ᠤᠨ ᠬᠣᠭᠣᠯᠠ ᠪᠤᠳᠠᠭ᠎ᠠ ᠶ᠋ᠢ ᠨᠢ ᠰᠠᠨᠠᠭ᠎ᠠ ᠶ᠋ᠢᠨ ᠲᠠᠪᠠ ᠪᠠᠷ ᠨᠢ ᠵᠣᠬᠢᠴᠠᠭᠤᠯᠵᠤ ᠢᠳᠡᠭᠦᠯᠦᠨ᠎ᠡ ᠃ ᠪᠠᠭᠠᠰᠤ ᠰᠢᠭᠡᠰᠦ ᠶ᠋ᠢ ᠨᠢ ᠴᠡᠪᠡᠷᠯᠡᠨ ᠬᠣᠪᠴᠠᠰᠤ ᠬᠣᠨᠠᠷ ᠬᠦᠨᠵᠢᠯᠡ ᠳᠡᠪᠢᠰᠭᠡᠷ ᠢ ᠨᠢ ᠤᠬᠢᠶᠠᠨ ᠴᠡᠪᠡᠷ ᠠᠷᠢᠭᠤᠨ ᠠᠪᠴᠤ ᠶᠠᠪᠤᠨ᠎ᠠ ᠃ ᠡᠮᠴᠢ ᠵᠠᠯᠠᠵᠤ ᠡᠮᠨᠡᠭᠦᠯᠬᠦ ᠡᠮ ᠳᠠᠩ ᠤᠤᠭᠤᠯᠭᠠᠬᠤ ᠶ᠋ᠢ ᠣᠰᠤᠯᠳᠠᠯ ᠦᠭᠡᠢ ᠭᠦᠢᠴᠡᠦᠨᠬᠡᠨ᠎ᠡ ᠃ ᠶᠠᠷᠰᠢᠭ ᠲᠥᠪᠡᠭ ᠬᠡᠮᠡᠨ ᠨᠠᠰᠤᠲᠠᠨ ᠤ ᠰᠠᠨᠠᠭᠠᠨ ᠡᠴᠠ ᠵᠦᠷᠢᠴᠡᠳᠡᠭ ᠦᠭᠡᠢ ᠦᠷ᠎ᠡ ᠶ᠋ᠢᠨ ᠵᠢᠷᠤᠮ ᠢ ᠭᠦᠢᠴᠡᠦᠨᠬᠡᠵᠦ ᠬᠠᠳᠠᠮ ᠡᠮᠡᠭᠡ ᠨᠢ         ︿ ︿ ᠮᠢᠨᠤ ᠶᠢᠩᠴᠦᠢᠨ ᠰᠠᠶᠢᠨ ᠪᠡᠷᠢ ᠰᠢᠦ ﹀ ﹀ ᠭᠡᠵᠦ ᠪᠠᠶᠢᠩᠭᠤ ᠬᠦᠮᠦᠰ ᠲᠦ ᠬᠡᠯᠡᠳᠡᠭ ᠪᠠᠶᠢᠯ᠎ᠠ ᠃

                                              ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ