ᠲᠣᠰᠬᠤᠨ ᠢ ᠵᠢᠯᠤᠭᠤᠳᠤᠨ ᠠᠷᠠᠳ ᠢ ᠬᠠᠪᠰᠤᠷᠤᠨ ᠲᠤᠰᠢᠶᠠᠯ ᠢᠶᠡᠩᠦ᠋ᠢᠴᠡᠦᠨᠬᠡᠭᠴᠢ ᠭᠣᠤ ᠢᠦᠢ ᠪᠣᠤ

ᠣᠩᠰᠢᠭᠰᠠᠨ ᠤᠳᠠᠭ᠎ᠠ ᠄ 32536     ᠨᠡᠶᠢᠳᠡᠯᠡᠭᠰᠡᠨ ᠴᠠᠭ ᠄ 2018/10/31 9:22:27

      ᠮᠤᠩᠭᠤᠯ ᠺᠠᠳ᠋ᠷ ᠭᠣᠤ ᠢᠦᠢ ᠪᠣᠤ ᠂ ᠡᠨᠡ ᠵᠢᠯ ᠦᠨ 5 ᠰᠠᠷ᠎ᠠ ᠳ᠋ᠤ ᠵᠣᠬᠢᠶᠠᠨ ᠪᠠᠶᠢᠭᠤᠯᠤᠯᠲᠠ ᠶ᠋ᠢᠨ ᠨᠠᠶᠢᠳᠠᠯᠭ᠎ᠠ ᠪᠠᠷ ᠨᠠᠢᠮᠠᠨ ᠬᠤᠰᠢᠭᠤᠨ ᠤ ᠪᠠᠶᠢᠰᠢᠩᠲᠤ ᠪᠠᠯᠭᠠᠰᠤᠨ ᠤ ᠮᠡᠨᠳᠦ ᠶ᠋ᠢᠨ ᠬᠣᠭᠤᠯᠠᠢ ᠭᠠᠴᠠᠭᠠᠨ ᠳ᠋ᠤ ᠰᠠᠭᠤᠭ᠎ᠠ ᠨᠢᠭᠡᠳᠦᠭᠡᠷ ᠱᠦᠵᠢ ᠂ ᠠᠵᠢᠯᠯᠠᠬᠤ ᠠᠩᠭᠢ ᠶ᠋ᠢᠨ ᠳᠠᠷᠤᠭ᠎ᠠ ᠶ᠋ᠢᠨ ᠲᠤᠰᠢᠶᠠᠯ ᠢ  ᠬᠠᠮᠳᠤ ᠳ᠋ᠦ᠋ᠨᠢ ᠬᠠᠷᠢᠭᠤᠴᠠᠨ  ᠬᠠᠲᠠᠭᠤᠵᠢᠯᠲᠠᠢ  ᠠᠵᠢᠯᠯᠠᠵᠤ ᠶᠠᠪᠤᠨ᠎ᠠ ᠃
      ᠲᠡᠷᠡ ᠪᠡᠷ ᠭᠠᠴᠠᠭᠠᠨ ᠳ᠋ᠤ ᠣᠷᠤᠮᠠᠬᠴᠠ ᠶᠠᠭᠤᠨ ᠤ ᠡᠮᠦᠨ᠎ᠡ ᠭᠠᠴᠠᠭᠠᠨ ᠤ ︿ ︿ ᠬᠣᠶᠠᠷ ᠪᠠᠭ ﹀ ﹀  ᠢ ᠵᠢᠯᠤᠭᠤᠳᠤᠨ ᠭᠠᠴᠠᠭᠠᠨ ᠤ ᠢᠷᠡᠭᠡᠳᠦᠢ ᠶ᠋ᠢᠨ 3 ᠵᠢᠯ ᠦᠨ ᠠᠵᠤ ᠠᠬᠤᠢ ᠨᠡᠶᠢᠭᠡᠮ ᠦᠨ ᠬᠥᠭᠵᠢᠯᠲᠡ ᠶ᠋ᠢᠨ ᠲᠥᠰᠥᠪ ᠲᠥᠯᠦᠪᠯᠡᠭᠡ ᠶ᠋ᠢ ᠳᠣᠬᠲᠠᠭᠠᠵᠤ ᠯᠠᠪᠳᠠᠭᠤᠨ ᠪᠠᠳᠤᠲᠠᠢ ᠬᠡᠷᠡᠭᠵᠢᠭᠦᠯᠵᠦ ᠡᠬᠢᠯᠡᠪᠡ ᠃ ᠵᠢᠴᠢ ᠣᠯᠠᠨ ᠲᠦᠮᠡᠨ ᠦ ᠣᠨᠴᠠᠯᠢᠬᠳᠣ ᠠᠵᠤ ᠤᠶᠢᠯᠡᠰ ᠡᠷᠬᠢᠯᠡᠬᠦ ᠶ᠋ᠢ ᠴᠢᠩᠭ᠎ᠠ ᠠᠣᠨᠬᠤᠨ ᠢᠳᠡᠪᠬᠢᠲᠡᠢ ᠬᠠᠪᠰᠤᠷᠴᠤ ᠲᠣᠰᠬᠤᠨ ᠤ ᠠᠷᠠᠳ ᠤᠨ ᠣᠷᠤᠯᠭ᠎ᠠ ᠶ᠋ᠢᠨ ᠨᠡᠮᠡᠭᠳᠡᠯ ᠢ ᠪᠠᠳᠤᠯᠠᠬᠤ ᠳ᠋ᠤ ᠰᠠᠭᠤᠷᠢ ᠲᠠᠯᠪᠢᠪᠠ ᠃ ᠪᠠᠰᠠ ᠲᠥᠷᠥᠯ ᠵᠦᠢᠯ ᠦᠨ ᠪᠡᠯᠡ ᠮᠥᠩᠭᠥ ᠶ᠋ᠢᠨ ᠨᠠᠶᠢᠳᠠᠪᠤᠷᠢᠵᠢᠭᠤᠯᠤᠯᠲᠠ ᠶ᠋ᠢ ᠵᠦᠢ ᠵᠣᠬᠢᠰᠲᠠᠢ ᠵᠣᠬᠢᠴᠠᠭᠤᠯᠤᠨ ᠬᠠᠮᠳᠤ ᠶ᠋ᠢᠨ ᠠᠵᠤ ᠠᠬᠤᠢ ᠶ᠋ᠢᠨ ᠣᠷᠤᠯᠭ᠎ᠠ ᠶ᠋ᠢ ᠨᠡᠮᠡᠭᠳᠡᠭᠦᠯᠬᠦ ᠳ᠋ᠦ ᠠᠰᠢᠬᠲᠠᠢ ᠨᠥᠭᠦᠴᠡᠯ ᠢ ᠪᠦᠷᠢᠯᠳᠦᠭᠦᠯᠦᠨ ᠥᠭᠪᠡ ᠃
ᠲᠣᠰᠬᠤᠨ ᠳ᠋ᠤ ᠢᠷᠡᠭᠰᠡᠨ ᠡᠴᠡ ᠨᠠᠰᠢ ᠂ ᠭᠣᠤ ᠱᠦᠵᠢ ᠠᠷᠠᠳ ᠢ ᠬᠠᠪᠰᠤᠷᠤᠨ ᠳᠡᠮᠵᠢᠵᠦ ᠬᠦᠴᠢᠷᠳᠡᠯ ᠭᠠᠴᠢᠬᠳᠠᠯ ᠢ ᠨᠢ ᠢᠳᠡᠪᠬᠢᠲᠡᠢ ᠰᠠᠶᠢᠳᠤᠷ ᠰᠢᠢᠦᠨᠪᠦᠷᠢᠯᠡᠨ ᠥᠭᠬᠦ ᠶ᠋ᠢ ᠰᠠᠨᠠᠭᠠᠴᠢᠯᠠᠭ᠎ᠠ ᠲᠠᠢ ᠪᠠᠷ ᠬᠢᠵᠦ ᠣᠯᠠᠨ ᠤ ᠬᠦᠷᠢᠶᠡᠯᠡᠯ ᠢ ᠣᠯᠵᠤ ᠪᠤᠢ ᠃ ᠶᠠᠳᠠᠭᠤ ᠡᠷᠦᠬᠡ ᠴᠸᠨ ᠨᠠᠮᠤᠷ᠎ᠠ ᠠᠶᠤᠯᠲᠠᠢ ᠭᠡᠷ ᠪᠠᠶᠢᠰᠢᠩ ᠢ ᠥᠭᠡᠷᠡᠴᠢᠯᠡᠬᠦ ᠲᠥᠷᠥ ᠶ᠋ᠢᠨ ᠪᠣᠳᠤᠯᠭ᠎ᠠ ᠶ᠋ᠢᠨ ᠰᠠᠶᠢᠨ ᠢᠶᠠᠷ ᠰᠢᠨ᠎ᠡ ᠭᠡᠷ ᠪᠠᠷᠢᠬᠰᠠᠨ ᠪᠣᠯᠪᠠᠴᠤ ᠳᠣᠳᠤᠷᠠᠬᠢ ᠡᠳ᠋ᠯᠡᠯ ᠬᠡᠷᠡᠭᠰᠡᠯ ᠨᠢ ᠪᠦᠷᠢᠨ ᠲᠥᠭᠦᠷ ᠦᠭᠡᠢ ᠡᠴᠡ ᠰᠢᠨ᠎ᠡ ᠭᠡᠷ ᠲᠡᠬᠡᠨ ᠣᠷᠤᠵᠤ ᠴᠢᠳᠠᠬᠤ ᠦᠭᠡᠢ ᠪᠠᠶᠢᠬᠤ ᠳ᠋ᠤ ᠭᠣᠤ ᠱᠦᠵᠢ ᠬᠠᠷᠮᠠᠨ ᠡᠴᠠ ᠪᠠᠨ ᠬᠠᠷᠠᠮ ᠦᠭᠡᠢ ᠵᠣᠭᠤᠰ ᠭᠠᠷᠭᠠᠨ ᠭᠡᠷ ᠦᠨ ᠡᠳ᠋ᠯᠡᠯ ᠬᠡᠷᠡᠭᠰᠡᠯ ᠢ ᠨᠢ ᠪᠦᠷᠢᠯᠳᠦᠭᠦᠯᠦᠨ ᠥᠭᠴᠦ ᠴᠸᠨ ᠨᠠᠮᠤᠷ᠎ᠠ ᠶ᠋ᠢ ᠪᠠᠶᠠᠷᠲᠠᠶᠢᠬᠠᠨ ᠰᠢᠨ᠎ᠡ ᠪᠠᠭᠤᠴᠠᠨ ᠳ᠋ᠦ᠋ᠨᠢ ᠨᠡᠭᠦᠯᠭᠡᠨ ᠣᠷᠤᠭᠤᠯᠵᠠᠢ ᠃ ᠲᠣᠰᠬᠤᠨ ᠤ ᠪᠠᠭ᠎ᠠ ᠰᠤᠷᠭᠠᠭᠤᠯᠢ ᠪᠣᠯᠣᠨ ᠲᠣᠰᠬᠤᠨ ᠤ ᠠᠷᠠᠳ ᠤᠨ ᠬᠥᠳᠡᠯᠭᠡᠭᠡᠨ ᠦ ᠭᠡᠷ ᠨᠢ ᠳᠤᠯᠠᠭᠠᠯᠠᠬᠤ ᠲᠥᠭᠦᠭᠡᠷᠦᠮᠵᠢ ᠪᠠᠶᠢᠬᠤ ᠦᠭᠡᠢ ᠭᠠᠴᠢᠬᠳᠠᠨ ᠪᠠᠶᠢᠬᠤ ᠳ᠋ᠤ ᠭᠣᠤ ᠱᠦᠵᠢ ᠲᠥᠩᠯᠢᠶᠣᠤ ᠶ᠋ᠢᠨ ᠤᠶᠢᠯᠡᠦᠨᠪᠦᠷᠢ ᠬᠣᠳᠠᠯᠳᠤᠭ᠎ᠠ ᠶ᠋ᠢᠨ ᠬᠣᠪᠢᠶᠠᠷᠢ ᠪᠠᠩᠬᠢ ᠲᠠᠢ ᠬᠠᠷᠢᠯᠴᠠᠨ ᠲᠣᠰᠬᠤᠨ ᠤ ᠪᠠᠭ᠎ᠠ ᠰᠤᠷᠭᠠᠭᠤᠯᠢ ᠪᠣᠯᠣᠨ ᠬᠥᠳᠡᠯᠭᠡᠭᠡᠨ ᠦ ᠭᠡᠷ ᠲᠦ ᠳᠤᠯᠠᠭᠠᠨ ᠠᠭᠠᠷ ᠤᠬᠰᠠᠷᠠᠨ ᠰᠢᠲᠠᠭᠠᠬᠤ ᠨᠡᠭᠦᠷᠡᠰᠦ ᠶ᠋ᠢ ᠨᠢ ᠬᠣᠳᠠᠯᠳᠤᠨ ᠠᠪᠴᠤ ᠥᠭᠴᠡᠢ ᠃ ᠶᠠᠳᠠᠭᠤ ᠡᠷᠦᠬᠡ ᠵᠠᠩ ᠳ᠋ᠠ ᠬᠤᠸᠠ 5 ᠮᠦ ᠯᠠᠩᠭᠤᠸᠠ ᠲᠠᠷᠢᠵᠤ ᠪᠣᠷᠤᠯᠠᠭᠤᠯᠬᠤ ᠵᠠᠮ ᠣᠯᠬᠤ ᠦᠭᠡᠢ ᠭᠠᠴᠢᠬᠳᠠᠨ ᠪᠠᠶᠢᠬᠤ ᠳ᠋ᠤ ᠭᠣᠤ ᠱᠦᠵᠢ ᠬᠠᠪᠰᠤᠷᠤᠨ 1.6 ᠲᠦᠮᠡᠨ ᠵᠢᠩ ᠯᠠᠩᠭᠤᠸᠠ ᠶ᠋ᠢ ᠨᠢ ᠬᠣᠳᠠᠯᠳᠤᠨ ᠥᠭᠴᠦ ᠲᠦᠮᠡ ᠭᠠᠷᠤᠢ ᠲᠥᠭᠦᠷᠢᠭ ᠦᠨ ᠣᠷᠤᠯᠭ᠎ᠠ ᠣᠯᠭᠤᠵᠠᠢ ᠃ ᠪᠠᠰᠠ 4 ᠡᠷᠦᠬᠡ ᠶ᠋ᠢᠨ 2.3 ᠲᠦᠮᠡᠨ ᠵᠢᠩ ᠰᠤᠩᠭᠢᠨ᠎ᠠ ᠶ᠋ᠢ ᠨᠢ ᠬᠠᠪᠰᠤᠷᠤᠨ ᠪᠣᠷᠤᠯᠠᠭᠤᠯᠤᠨ ᠥᠭᠴᠡᠢ ᠃ ᠁
      ᠣᠬᠤᠷᠬᠠᠨ ᠬᠡᠳᠦᠬᠡᠨ ᠰᠠᠷ᠎ᠠ ᠳ᠋ᠤ ᠭᠣᠤ ᠱᠦᠵᠢ ᠲᠣᠰᠬᠤᠨ ᠤ ᠬᠠᠮᠳᠤ ᠨᠡᠶᠢᠲᠡ ᠪᠠ ᠲᠣᠰᠬᠤᠨ ᠤ ᠠᠷᠠᠳ ᠣᠯᠠᠨ ᠳ᠋ᠤ ᠠᠯᠢ ᠣᠯᠠᠨ ᠠᠰᠢᠭ ᠲᠤᠰᠠᠷᠬᠠᠭ ᠠᠵᠢᠯ ᠬᠢᠵᠦ ᠬᠦᠮᠦᠰ ᠦᠨ ᠬᠦᠨᠳᠦᠦᠨᠬᠡᠯ ᠬᠦᠷᠢᠶᠡᠯᠡᠯ ᠢ ᠣᠯᠵᠤ ᠂ ᠲᠤᠰᠢᠶᠠᠯ ᠢᠶᠡᠨ ᠰᠠᠶᠢᠳᠤᠷ ᠭᠦᠢᠴᠡᠦᠨᠬᠡᠵᠦ ᠶᠠᠪᠤᠨ᠎ᠠ  ᠪᠢᠯᠡ ᠃                                                                                      ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ