ᠬᠦᠰᠡᠯ ᠮᠦᠷᠦᠭᠡᠳᠦᠯ ᠲᠠᠢ ᠶᠠᠪᠤᠶ᠎ᠠ

ᠣᠩᠰᠢᠭᠰᠠᠨ ᠤᠳᠠᠭ᠎ᠠ ᠄ 6311     ᠨᠡᠶᠢᠳᠡᠯᠡᠭᠰᠡᠨ ᠴᠠᠭ ᠄ 2018/10/31 8:55:37

ᠬᠦᠰᠡᠯ ᠮᠦᠷᠦᠭᠡᠳᠦᠯ ᠲᠠᠢ ᠶᠠᠪᠤᠶ᠎ᠠ
           ᠯᠢ ᠪᠤᠶᠠᠨᠴᠤᠬᠯᠠ
ᠳᠡᠷᠭᠡᠲᠡ ᠬᠠᠪᠢ ᠨᠡᠶᠢᠯᠡᠵᠦ ᠨᠠᠭᠠᠳᠤᠨ᠎ᠠ
ᠳᠡᠷᠲᠡᠭᠡ ᠬᠣᠯᠠ ᠭᠦᠶᠦᠵᠦ ᠨᠠᠭᠠᠳᠤᠨ᠎ᠠ
ᠳᠡᠩᠰᠢᠵᠦ ᠲᠣᠭᠤᠷᠢᠵᠤ ᠡᠷᠢᠵᠦ ᠨᠠᠭᠠᠳᠤᠨ᠎ᠠ
ᠳᠡᠭᠡᠭᠡ ᠮᠡᠬᠡ ᠵᠠᠷᠤᠵᠤ ᠨᠠᠭᠠᠳᠤᠨ᠎ᠠ
ᠤᠴᠠᠷᠠᠵᠤ ᠵᠣᠯᠭᠠᠪᠠᠯ ᠶᠠᠭᠠᠷᠠᠵᠤ ᠨᠠᠭᠠᠳᠤᠨ᠎ᠠ
ᠤᠲᠠᠰᠤ ᠶᠠᠪᠤᠭᠤᠯᠵᠤ ᠵᠠᠯᠠᠵᠤ ᠨᠠᠭᠠᠳᠤᠨ᠎ᠠ
ᠦᠷ᠎ᠡ ᠬᠡᠦᠬᠡᠳ ᠲᠠᠢ ᠪᠠᠨ ᠰᠠᠭᠤᠵᠤ ᠨᠠᠭᠠᠳᠤᠨ᠎ᠠ
ᠥᠲᠡᠭᠦᠰ ᠨᠠᠰᠤᠲᠠᠨ ᠢᠶᠡᠨ ᠬᠣᠨᠵᠢᠵᠤ ᠨᠠᠭᠠᠳᠤᠨ᠎ᠠ
ᠡᠳ᠋ ᠬᠥᠷᠦᠩᠭᠡ ᠪᠡᠨ ᠪᠠᠷᠠᠵᠤ ᠨᠠᠭᠠᠳᠤᠨ᠎ᠠ
ᠡᠪᠡᠦᠨᠴᠢᠨ ᠡᠮᠭᠡᠭ ᠣᠯᠵᠤ ᠨᠠᠭᠠᠳᠤᠨ᠎ᠠ
ᠡᠷᠬᠢᠮ ᠨᠤᠶᠠᠤᠨ ᠢ ᠳᠠᠶᠢᠯᠠᠵᠤ ᠨᠠᠭᠠᠳᠤᠨ᠎ᠠ
ᠡᠭᠡᠯ ᠠᠷᠠᠳ ‍ᠢ ᠰᠢᠢᠳᠭᠡᠵᠤ ᠨᠠᠭᠠᠳᠤᠨ᠎ᠠ
ᠠᠵᠢᠯ ᠬᠢᠬᠦ ᠦᠭᠡᠢ ᠠᠯᠵᠠᠭᠤᠷᠠᠵᠤ ᠨᠠᠭᠠᠳᠤᠨ᠎ᠠ
ᠠᠮᠢᠳᠤᠷᠠᠯ ᠢᠶᠡᠨ ᠬᠠᠶᠢᠬᠤᠷᠬᠤ ᠦᠭᠡᠢ ᠵᠥᠨᠦᠭᠷᠡᠵᠦ ᠨᠠᠭᠠᠳᠤᠨ᠎ᠠ
ᠠᠰᠢᠭ ᠣᠯᠪᠠᠯ ᠮᠥᠰᠢᠶᠡᠳᠦ ᠲᠠᠢ ᠨᠠᠭᠠᠳᠤᠨ᠎ᠠ
ᠠᠯᠳᠠᠵᠤ ᠠᠪᠲᠠᠪᠠᠯ ᠭᠢᠯᠢᠩ ᠲᠠᠢ ᠨᠠᠭᠠᠳᠤᠨ᠎ᠠ
ᠺᠠᠳ᠋ᠷ ᠠᠷᠠᠳ ᠲᠠᠢ ᠪᠠᠨ ᠡᠳᠥᠷ ᠨᠠᠭᠠᠳᠤᠨ᠎ᠠ
ᠺᠠᠷᠲ ᠢᠶᠡᠨ ᠡᠪᠦᠷᠯᠡᠨ ᠣᠮᠣᠬᠲᠠᠢ ᠨᠠᠭᠠᠳᠤᠨ᠎ᠠ
ᠵᠣᠭᠣᠰ ᠲᠠᠢ  ᠪᠣᠯᠪᠠᠯ ᠵᠣᠷᠢᠭ ᠲᠠᠢ ᠨᠠᠭᠠᠳᠤᠨ᠎ᠠ
ᠵᠣᠭᠤᠰ ᠢᠶᠡᠨ ᠪᠠᠷᠠᠪᠠᠯ ᠵᠢᠭᠡᠯᠡᠭᠡ ᠲᠠᠢ ᠨᠠᠭᠠᠳᠤᠨ᠎ᠠ
ᠬᠠᠮᠢᠭ᠎ᠠ ᠣᠴᠢᠪᠠᠯ ᠬᠠᠮᠢᠭ᠎ᠠ ᠨᠠᠭᠠᠳᠤᠨ᠎ᠠ
ᠬᠡᠵᠢᠶ᠎ᠡ ᠢᠷᠡᠪᠡᠯ ᠬᠡᠵᠢᠶ᠎ᠡ ᠨᠠᠭᠠᠳᠤᠨ᠎ᠠ
ᠬᠡᠨ ᠲᠠᠢ ᠪᠣᠯᠪᠠᠴᠤ ᠮᠥᠷᠦᠶᠢᠴᠡᠵᠦ ᠨᠠᠭᠠᠳᠤᠨ᠎ᠠ
ᠬᠡᠷᠡᠭᠦᠯ ᠮᠠᠷᠭᠤᠭᠠᠳ ᠶᠠᠷᠭᠢᠶᠠᠨ ᠲᠠᠢ ᠨᠠᠭᠠᠳᠤᠨ᠎ᠠ
ᠡᠳᠥᠷ ᠨᠠᠭᠠᠳᠤᠨ᠎ᠠ ᠰᠥᠨᠢ ᠨᠠᠭᠠᠳᠤᠨ᠎ᠠ
ᠡᠨᠳᠡ ᠨᠠᠭᠠᠳᠤᠨ᠎ᠠ ᠲᠡᠨᠳᠡ ᠨᠠᠭᠠᠳᠤᠨ᠎ᠠ
ᠡᠪᠦᠯ ᠨᠠᠭᠠᠳᠤᠨ᠎ᠠ ᠵᠤᠨ ᠨᠠᠭᠠᠳᠤᠨ᠎ᠠ
ᠡᠷ᠎ᠡ ᠨᠢ ᠨᠠᠭᠠᠳᠤᠨ᠎ᠠ ᠡᠮ᠎ᠡ ᠨᠢ ᠨᠠᠭᠠᠳᠤᠨ᠎ᠠ
ᠨᠠᠭᠠᠳᠤᠮ ᠠᠬᠠᠳᠠᠪᠠᠯ ᠨᠠᠮᠤᠰ ᠪᠣᠯᠤᠨ᠎ᠠ
ᠨᠠᠶᠢᠷ ᠪᠢᠰᠢ ᠳᠠᠶᠢᠨ ᠪᠣᠯᠤᠨ᠎ᠠ
ᠨᠡᠶᠢᠲᠡ ᠶ᠋ᠢᠨ ᠪᠣᠯᠪᠠᠰᠤᠨ ᠢ ᠨᠥᠯᠦᠭᠡᠯᠡᠨ᠎ᠡ
ᠨᠡᠶᠢᠭᠡᠮ ᠦᠨ ᠵᠣᠬᠢᠴᠠᠯ ᠢ ᠬᠠᠷᠰᠢᠯᠠᠨ᠎ᠠ
ᠶᠠᠩᠵᠤ ᠶ᠋ᠢ ᠨᠢ ᠲᠠᠭᠠᠷᠠᠭᠤᠯᠵᠤ ᠨᠠᠭᠠᠳᠤᠶ᠎ᠠ
ᠶᠠᠷᠰᠢᠭ ᠪᠢᠲᠡᠭᠡᠢ ᠲᠠᠲᠠᠶ᠎ᠠ
ᠬᠥᠭ ᠢ ᠨᠢ ᠦᠵᠡᠵᠦ ᠨᠠᠭᠠᠳᠤᠶ᠎ᠠ
ᠬᠦᠰᠡᠯ ᠮᠥᠷᠦᠭᠡᠳᠦᠯ ᠲᠠᠢ ᠶᠠᠪᠤᠶ᠎ᠠ ︕
ᠢᠷᠡᠯᠳᠡ᠄ ᠨᠠᠶᠢᠷᠠᠭᠤᠯᠤᠭᠴᠢ᠄ ᠳᠤᠯᠠᠭᠠᠨ