ᠡᠳ᠋ ᠮᠦᠩᠬᠦ ᠪᠤᠶᠤ ᠡᠷᠳᠡᠮ ᠮᠡᠳᠡᠯᠭᠡ

ᠣᠩᠰᠢᠭᠰᠠᠨ ᠤᠳᠠᠭ᠎ᠠ ᠄ 5889     ᠨᠡᠶᠢᠳᠡᠯᠡᠭᠰᠡᠨ ᠴᠠᠭ ᠄ 2018/10/31 8:52:43

ᠡᠳ᠋ ᠮᠦᠩᠬᠦ ᠪᠤᠶᠤ ᠡᠷᠳᠡᠮ ᠮᠡᠳᠡᠯᠭᠡ
        ᠯᠢ ᠪᠤᠶᠠᠨᠴᠤᠭᠯᠠ
ᠡᠷᠦᠬᠡ ᠭᠡᠷ ᠲᠤ ᠡᠳ᠋ ᠮᠦᠩᠬᠦ ᠴᠢᠬᠤᠯᠠ
ᠥᠪᠡᠷ ᠪᠡᠶ᠎ᠡ ᠳ᠋ᠥ ᠡᠷᠳᠡᠮ ᠮᠡᠳᠡᠯᠭᠡ ᠡᠷᠬᠢᠮ ᠃
ᠡᠳ᠋ ᠮᠦᠩᠬᠦ ᠨᠢᠳᠦᠨ ᠡᠮᠦᠨᠡᠬᠢ ᠠᠰᠢᠭ
ᠡᠷᠳᠡᠮ ᠮᠡᠳᠡᠯᠭᠡ ᠨᠠᠰᠦᠨ ᠲᠣᠷᠰᠢᠬᠢ ᠲᠦᠰᠢᠭ ᠃
ᠡᠳ᠋ ᠮᠦᠩᠬᠦ ᠡᠯᠪᠡᠭ ᠪᠣᠯ ᠪᠠᠶᠠᠨ
ᠡᠷᠳᠡᠮ ᠮᠡᠳᠡᠯᠭᠡ ᠥᠷᠭᠡᠨ ᠪᠣᠯ ᠪᠤᠶᠠᠨ ᠃
ᠡᠳ᠋ ᠮᠦᠩᠭᠦᠨ ᠳ᠋ᠥ ᠬᠣᠪᠳᠤᠬᠯᠠᠨ ᠭᠣᠷᠢᠯᠠᠬᠤ ᠨᠢ ᠮᠠᠭᠤᠬᠠᠢ
ᠡᠷᠳᠡᠮ ᠮᠡᠳᠡᠯᠭᠡ ᠶ᠋ᠢ ᠰᠢᠮᠳᠠᠨ ᠰᠤᠷᠬᠤ ᠨᠢ ᠰᠠᠶᠢᠬᠠᠨ ᠃
ᠡᠳ᠋ ᠮᠦᠩᠬᠦ ᠬᠣᠶᠠᠷᠳᠠᠮᠠᠯ ᠴᠢᠨᠠᠷ ᠲᠠᠢ
ᠡᠷᠳᠡᠮ ᠮᠡᠳᠡᠯᠭᠡ ᠬᠠᠪᠰᠤᠷᠬᠤ ᠴᠢᠳᠠᠯ ᠲᠠᠢ ᠃
ᠡᠳ᠋ ᠮᠦᠩᠬᠦ ᠠᠮᠢᠳᠤᠷᠠᠯ ᠢ ᠡᠷᠭᠦᠨ᠎ᠡ
ᠡᠷᠳᠡᠮ ᠮᠡᠳᠡᠯᠭᠡ ᠠᠯᠳᠠᠷ ᠢ ᠮᠠᠨᠳᠤᠭᠤᠯᠤᠨ᠎ᠠ ᠃
ᠡᠳ᠋ ᠮᠦᠩᠬᠦ ᠡᠯᠳᠡᠩ ᠪᠣᠯ ᠡᠷᠳᠡᠮ ᠰᠣᠷᠬᠣ ᠳ᠋ᠥ ᠠᠰᠢᠭ ᠲᠠᠢ
ᠡᠷᠳᠡᠮ ᠮᠡᠳᠡᠯᠭᠡ ᠲᠡᠭᠦᠰ ᠪᠣᠯ ᠡᠳ᠋ ᠣᠯᠬᠤ ᠳ᠋ᠥ ᠲᠤᠰᠠ ᠲᠠᠢ ᠃
ᠡᠳ᠋ ᠮᠥᠩᠭᠥᠨ ᠳ᠋ᠥ ᠰᠢᠨᠤᠬᠠᠶᠢᠷᠠᠵᠤ ᠶᠠᠭ ᠪᠣᠯᠬᠤ ᠦᠭᠡᠢ
ᠡᠷᠳᠡᠮ ᠮᠡᠳᠡᠯᠭᠡ ᠶ᠋ᠢ ᠣᠮᠳᠤᠭᠠᠶᠢᠯᠠᠵᠤ ᠶᠡᠷᠦ ᠪᠣᠯᠬᠤ ᠦᠭᠡᠢ ᠃
ᠢᠷᠡᠯᠳᠡ᠄ ᠨᠠᠶᠢᠷᠠᠭᠤᠯᠤᠭᠴᠢ᠄ ᠳᠤᠯᠠᠭᠠᠨ